☆ ᠰ·ᠪᠦᠭᠡᠴᠢᠯᠡᠭᠤ
ᠳᠤᠷᠠᠯᠠᠯ ᠤᠨ ᠠᠮᠳᠠᠳᠠᠢ ᠨᠠᠮᠤᠷ
ᠡᠳᠦᠷ ᠤᠨ ᠳᠡᠮᠳᠡᠭᠯᠡᠯ ᠳᠤ ᠬᠠᠪᠴᠢᠭᠤᠯᠤᠭᠰᠠᠨ
ᠣᠨᠤᠴᠢᠨ ᠨᠠᠪᠴᠢ ᠰᠢᠷᠭᠠᠯᠳᠤᠬᠤ ᠳᠤ
ᠨᠠᠮᠤᠷ ᠢᠷᠡᠴᠢᠭᠡᠭ᠍ᠰᠡᠨ ᠪᠠᠢ᠌ᠯ᠎ᠠ
ᠦᠯᠡᠳᠡᠭᠡᠵᠤ ᠰᠡᠢ᠌ᠷᠡᠭᠦᠯᠦᠭᠰᠡᠨ ᠦᠰᠦᠭ᠌ ᠤᠳ ᠲᠡᠶ ᠨᠢ
ᠡᠩᠬᠦᠷᠡᠢ᠌ᠯᠡᠨ ᠢᠯᠢᠭᠦ ᠶᠢᠨ ᠬᠤᠷᠤᠮ
ᠨᠠᠷᠢᠬᠠᠨ ᠴᠠᠭᠠᠨ ᠬᠤᠷᠤᠭᠤᠨ ᠤᠨ ᠭᠢᠨᠢ ᠣᠷᠤᠮ ᠡᠴᠡ
ᠭᠡᠷᠡᠯ ᠢᠯᠴᠢ ᠬᠠᠷᠪᠣᠯᠠ
ᠥᠨᠦᠰᠦᠭᠡᠳ ᠶᠠᠪᠣᠭᠰᠠᠨ ᠭᠡᠦᠭᠡᠨ ᠤ
ᠣᠷᠤᠭᠤᠯ ᠤᠨ ᠠᠮᠳᠠ ᠥᠨᠦᠷᠳᠦᠭ᠍ᠳᠡᠭᠦ ᠳᠤ
ᠣᠭᠳᠠᠷᠭᠤᠢ ᠳᠤ ᠵᠡᠯᠡᠯᠡᠭᠰᠡᠨ ᠭᠠᠯᠠᠭᠤᠳ ᠤᠨ
ᠨᠢᠯᠪᠣᠰᠤ ᠨᠢ ᠵᠢᠷᠦᠭᠡ ᠶᠢ ᠭᠦᠡᠳᠡᠯᠡ
ᠦᠨᠳᠦᠰᠦ ᠣᠷᠤᠭᠤ ᠪᠠᠨ ᠡᠷᠭᠢᠭᠦ
ᠮᠤᠳᠤᠨ ᠨᠠᠪᠴᠢᠰ ᠤᠨ ᠬᠠᠢ᠌ᠷ᠎ᠠ
ᠡᠪᠦᠯ ᠡᠴᠡ ᠡᠮᠦᠨ᠎ᠡ ᠢᠷᠠᠨ᠎ᠠ ᠭᠡᠰᠡᠨ
ᠦᠬᠢᠨ ᠤ ᠥᠭᠡ ᠪᠣᠯᠵᠤ ᠣᠷᠤᠭᠤᠯᠠ
ᠠᠭᠤᠯᠠᠨ ᠤ ᠪᠠᠨ ᠨᠦᠮᠦᠷᠢ ᠵᠥᠭ᠌
ᠠᠷᠭᠠᠯᠢ ᠣᠭᠠᠯᠵᠠ ᠨᠢ ᠳᠠᠪᠭᠢᠬᠤ ᠳᠤ
ᠠᠷᠵᠠᠭᠠᠷ ᠭᠦᠷᠡᠩ ᠴᠢᠯᠠᠭᠤ ᠨᠢ ᠴᠤ
ᠭᠤᠤᠯ ᠡᠴᠡ ᠪᠠᠨ ᠳᠤᠭᠳᠤᠯᠠᠬᠤ ᠨᠢ ᠳᠤᠭᠤᠯᠳᠠᠯ᠎ᠠ
ᠠᠢ᠌ᠯ ᠬᠤᠳᠠ ᠶᠢᠨ ᠨᠡᠭᠦᠳᠡᠯ
ᠡᠪᠦᠯᠵᠢᠶᠡᠨ ᠤ ᠪᠠᠭᠤᠴᠠ ᠪᠠᠨ ᠴᠢᠭᠯᠡᠭᠦ ᠳᠤ
ᠠᠮᠢᠨ ᠭᠤᠤᠯ ᠡᠴᠡ ᠳᠠᠩᠴᠤ
ᠮᠠᠨ ᠤ ᠭᠢ ᠤᠢ᠌ᠷ᠎ᠡ ᠪᠣᠯᠤᠯ᠎ᠠ
ᠲ᠋ᠠᠯ᠎ᠠ ᠳᠤ ᠳᠠᠭᠠᠳᠠᠢ ᠰᠠᠭᠠᠳᠠᠭᠰᠠᠨ
ᠳᠤᠷᠠᠯᠠᠯ ᠤᠨ ᠠᠮᠳᠠᠳᠠᠢ ᠨᠠᠮᠤᠷ ᠲᠤ
ᠳᠡᠭ᠍ᠷᠢ ᠭᠠᠵᠠᠷ ᠬᠤᠶᠠᠷ ᠴᠤ
ᠳᠠᠩᠰᠤᠭ ᠪᠣᠶᠠᠨ ᠲᠡᠶ ᠵᠢᠷᠭᠠᠯ᠎ᠠ
ᠡᠳᠦᠷ ᠤᠨ ᠳᠡᠮᠳᠡᠭᠯᠡᠯ ᠳᠤ ᠬᠠᠪᠴᠢᠭᠤᠯᠤᠭᠰᠠᠨ
ᠦᠨᠦᠴᠢᠨ ᠨᠠᠪᠴᠢ ᠰᠢᠷᠭᠠᠯᠳᠤᠬᠤ ᠳᠤ
ᠨᠠᠮᠤᠷ ᠦᠨᠡᠨ ᠢᠷᠡᠴᠢᠩᠡᠭ᠍ᠰᠡᠨ ᠪᠠᠢ᠌ᠯ᠎ᠠ ᠁
ᠵᠤᠬᠢᠶᠠᠭᠴᠢ᠄ ᠰ·ᠪᠦᠭᠡᠴᠢᠯᠡᠭᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 10648
ᠴᠠᠭ᠄ 2014 ᠤᠨ ᠤ 01 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ