ᠨᠡᠪᠲᠡᠷᠡᠨ ᠤᠷᠤᠬᠤ
ᠨᠡᠭᠦᠳᠡᠯᠴᠢᠨ ᠤ ᠭᠡᠦᠭᠡᠨ

ᠨᠢᠭᠤᠷᠳᠠᠵᠤ ᠰᠠᠭᠤᠭᠰᠠᠨ ᠰᠠᠬᠠᠭᠠᠯᠳᠠ ᠠᠢ᠌ᠯ ᠤᠨ

ᠨᠢᠮᠭᠡᠨ ᠭᠦᠷᠦᠰᠤ ᠲᠡᠶ ᠪᠣᠷᠤ ᠭᠡᠦᠭᠡᠨ ᠢ

ᠨᠡᠭᠦᠭᠡᠳ ᠶᠠᠪᠣᠯ᠎ᠠ ᠭᠡᠭᠦᠯᠡᠷ ᠮᠢᠨᠤ ᠰᠡᠳᠭᠢᠯ

ᠨᠡᠭᠡᠭᠡᠳ ᠰᠠᠨᠠᠳᠠᠭ ᠨᠢ ᠶᠠᠭᠤᠨ ᠡᠴᠡ ᠪᠣᠯᠪᠠ︖

ᠠᠮᠢᠳᠤᠷᠠᠯ ᠬᠠᠢ᠌ᠷ᠎ᠠ ᠶᠢ ᠰᠡᠪᠳᠦᠭᠡᠳᠡᠭ᠌ ᠦᠭᠡᠶ

ᠠᠯᠢᠶ᠎ᠠ ᠴᠤᠭ‍ᠯᠢᠭ ᠬᠠᠷᠠᠴᠠ ᠴᠢᠨᠢ ᠦᠦ︖

ᠠᠷᠢᠭᠤᠨ ᠪᠦᠭᠦᠨ ᠢ ᠊ᠭ᠍‍ᠬᠢᠷᠳᠦᠭᠡᠳᠡᠭ᠌ ᠦᠭᠡᠶ

ᠠᠭᠠᠰᠢ ᠢᠴᠢᠮᠡᠳᠡᠭᠡᠢ ᠠᠷᠠᠠᠰᠢᠨ ᠴᠢᠨᠢ ᠦᠦ︖

ᠣᠶᠠᠰᠬᠤ ᠳᠠᠭᠠᠨ ᠬᠠᠶᠠ ᠨᠢᠯᠪᠣᠰᠤᠷᠠᠵᠤ ᠪᠠᠢ᠌ᠳᠠᠭ

ᠣᠶᠠᠬᠠᠨ ᠳᠦᠷᠯᠡᠭᠡᠷ ᠮᠠᠯᠮᠠᠢ ᠴᠢᠨᠢ ᠦᠦ︖

ᠣᠶᠠᠷᠠᠬᠤ ᠳᠠᠭᠠᠨ ᠶᠠᠷᠤ ᠳᠠᠭᠤᠯᠠᠵᠤ ᠪᠠᠢ᠌ᠳᠠᠭ

ᠣᠶ‍ᠷᠠᠭᠤᠨ ᠵᠥᠭᠡᠯᠡᠨ ᠠᠭᠠᠰᠢ ᠴᠢᠨᠢ ᠦᠦ︖

ᠨᠢᠭᠤᠷᠳᠠᠵᠤ ᠰᠠᠭᠤᠭᠰᠠᠨ ᠰᠠᠬᠠᠭᠠᠯᠳᠠ ᠠᠢ᠌ᠯ ᠤᠨ

ᠨᠢᠮᠭᠡᠨ ᠭᠦᠷᠦᠰᠤ ᠲᠡᠶ ᠪᠣᠷᠤ ᠭᠡᠦᠭᠡᠨ ᠢ

ᠨᠡᠭᠦᠭᠡᠳ ᠶᠠᠪᠣᠯ᠎ᠠ ᠭᠡᠭᠦᠯᠡᠷ ᠮᠢᠨᠤ ᠰᠡᠳᠭᠢᠯ

ᠨᠡᠭᠡᠭᠡᠳ ᠰᠠᠨᠠᠳᠠᠭ ᠨᠢ ᠣᠴᠢᠷᠳᠠᠢ᠃

ᠵᠠᠬ᠎ᠠ ᠨᠡᠢ᠌ᠯᠡᠭᠡᠳ ᠠᠢ᠌ᠯ ᠪᠠᠢ᠌ᠬᠤ ᠳᠤ

ᠵᠤᠭᠤᠭ ᠤᠨ ᠶ‍ᠢᠷᠳᠢᠠᠴᠤ ᠪᠠᠶᠠᠨ ᠪᠠᠢ᠌ᠯ᠎ᠠ᠂

ᠵᠠᠶᠠᠭ᠎ᠠ ᠳᠠᠭᠠᠭᠠᠤᠨ ᠴᠢᠮ᠎ᠠ ᠶᠢ ᠶᠠᠪᠣᠬᠤ ᠳᠤ

ᠰᠡᠳᠭᠢᠯ ᠤᠨ ᠶ‍ᠢᠷᠳᠢᠠᠴᠤ ᠬᠤᠭᠤᠰᠤᠨ ᠪᠠᠢ᠌ᠯ᠎ᠠ᠃

ᠣᠳᠤᠷᠯᠠᠭᠠᠤᠨ ᠶᠠᠪᠣᠭᠰᠠᠨ ᠴᠤ ᠪᠣᠯᠤᠶ᠎ᠠ ᠳ᠋ᠠ

ᠪᠠᠭᠤᠴᠠ ᠬᠠᠪᠢᠳᠠᠭᠠᠤᠨ ᠰᠠᠭᠤᠬᠤ ᠦᠭᠡᠶ ᠦᠦ ᠳ᠋ᠠ᠂

ᠣᠷᠤᠭᠯᠠᠭᠠᠤᠨ ᠴᠢ ᠮᠤᠷᠳᠠᠭᠰᠠᠨ ᠶᠤᠮ ᠴᠢᠨᠢ

ᠪᠣᠳᠤᠯ ᠳ᠋ᠠᠭᠠᠠᠨ ᠮᠥᠩᠭᠡᠷᠡᠭᠦᠯᠦᠭᠡᠳ ᠯᠠ ᠬᠤᠴᠤᠷᠤᠨ᠎ᠠ ᠳ᠋ᠠ︕

ᠨᠢᠭᠤᠷᠳᠠᠵᠤ ᠰᠠᠭᠤᠭᠰᠠᠨ ᠰᠠᠬᠠᠭᠠᠯᠳᠠ ᠠᠢ᠌ᠯ ᠤᠨ

ᠨᠢᠮᠭᠡᠨ ᠭᠦᠷᠦᠰᠤ ᠲᠡᠶ ᠪᠣᠷᠤ ᠭᠡᠦᠭᠡᠨ ᠢ

ᠨᠡᠭᠦᠭᠡᠳ ᠶᠠᠪᠣᠯ᠎ᠠ ᠭᠡᠭᠦᠯᠡᠷ ᠮᠢᠨᠤ ᠰᠡᠳᠭᠢᠯ

ᠨᠡᠭᠡᠭᠡᠳ ᠰᠠᠨᠠᠳᠠᠭ ᠢ ᠶᠠᠭᠠᠭᠢᠯᠳᠠᠢ︖


ᠵᠤᠬᠢᠶᠠᠭᠴᠢ ᠶᠢᠨ ᠬᠠᠶ‍ᠢᠭ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ

ᠵᠤᠬᠢᠶᠠᠭᠴᠢ᠄ ᠶ‍ᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2009 ᠤᠨ ᠤ 12 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ