ᠨᠡᠪᠲᠡᠷᠡᠨ ᠤᠷᠤᠬᠤ
ᠡᠵᠢ ᠶᠢᠨ ᠡᠭᠦᠯᠡ

ᠭᠦᠭᠡᠷᠦᠭᠦᠢ ᠡᠵᠢ ᠮᠢᠨᠢ ᠨᠠᠮᠢ᠋ᠢ ᠰᠠᠨᠠᠵᠤ ᠪᠠᠢ᠌ᠨ᠎ᠠ ᠰᠢᠤ

ᠬᠤᠯᠠᠭᠢ ᠳᠠᠷᠠ ᠠᠭᠤᠯᠠᠰ ᠤᠨ ᠳᠡᠭᠡᠭᠦᠷ

ᠬᠤᠨᠢᠨ ᠴᠠᠭᠠᠨ ᠡᠭᠦᠯᠡ ᠪᠠᠰᠠ ᠯᠠ ᠭᠠᠷᠴᠠᠢ

ᠬᠤᠨ ᠤ ᠰᠥᠷᠦᠭ᠌ ᠳᠡᠭᠡᠰᠦᠯᠡᠨ ᠪᠣᠴᠠᠬᠤ

ᠨᠠᠮᠤᠷ ᠤᠨ ᠳᠠᠷᠠ ᠡᠳᠦᠷ

ᠬᠤᠯᠠ ᠶᠠᠪᠣᠨ᠎ᠠ ᠰᠢᠤ ᠭᠦᠤ ᠮᠢᠨᠢ ᠭᠡᠭᠦ ᠡᠴᠡ

ᠡᠵᠢ

ᠬᠤᠶᠠᠷ ᠨᠢᠳᠤᠨ ᠤ ᠪᠠᠨ ᠬᠤᠷᠠᠭᠰᠠᠨ ᠨᠢᠯᠪᠣᠰᠤ ᠵᠢ

ᠨᠠᠳᠠ ᠡᠴᠡ ᠨᠢᠭᠤᠵᠤ

ᠬᠠᠢ᠌ᠷᠠᠳᠠᠢ ᠨᠤᠳᠤᠭ ᠤᠨ ᠶᠢᠡᠨ ᠨᠤᠤᠰᠤᠨ ᠴᠠᠭᠠᠨ ᠡᠭᠦᠯᠡ ᠪᠠᠷ

ᠬᠠᠯᠬᠠᠯᠠᠨ ᠬᠠᠯᠬᠠᠯᠠᠨ ᠠᠷᠭᠠᠳᠠᠭᠤᠯᠵᠤ ᠪᠠᠢ᠌ᠭᠰᠠᠨ

ᠡᠵᠢ ᠶᠢᠨ ᠮᠢᠨᠢ ᠨᠢᠳᠤ ᠶᠢ ᠠᠷᠭᠠᠳᠠᠭᠰᠠᠨ

ᠡᠩᠭᠡᠷ ᠴᠠᠭᠠᠨ ᠳᠠᠷᠠ ᠡᠭᠦᠯᠡ

ᠡᠵᠢ ᠶᠢᠨ ᠡᠭᠦᠯᠡ ᠪᠠᠢ᠌ᠭᠰᠠᠨ

ᠡᠵᠢ ᠶᠢᠨ ᠡᠭᠦᠯᠡ ᠳᠠᠠᠳᠠ ᠪᠠᠨ ᠳᠠᠢ᠌ᠪᠣᠩ ᠭᠦᠪᠪᠦᠨ᠎ᠡ

ᠡᠵᠢ ᠮᠢᠨᠢ ᠨᠠᠮᠢ᠋ᠢ ᠪᠠᠷᠠᠭᠠᠯᠠᠵᠤ ᠯᠠ ᠪᠠᠢ᠌ᠨ᠎ᠠ ᠰᠢᠤ

ᠳᠡᠯᠡᠭᠡᠢ ᠬᠤᠳᠣᠢ᠌ᠳᠠᠯ᠎ᠠ ᠨᠡᠭᠦᠳᠡᠯᠯᠡᠭ᠍ᠰᠡᠨ

ᠬᠤᠪᠢᠯᠭᠠᠠᠳᠤ ᠪᠣᠭᠳᠠ ᠶᠢᠨ ᠴᠢᠨᠢ ᠡᠷᠡᠨ

ᠳᠡᠭ᠍ᠷᠢ ᠳᠡᠭᠡᠨ ᠪᠣᠴᠠᠭᠰᠠᠨ ᠴᠤ

ᠬᠣᠢ᠌ᠮᠤᠷ ᠰᠠᠭᠢᠵᠤ ᠳᠤᠯᠭ᠎ᠠ ᠳᠤᠭᠤᠷᠢᠬᠤ ᠵᠠᠶᠠᠭ᠎ᠠ ᠵᠢ

ᠬᠤᠷᠸ᠎ᠠ ᠶᠢᠨ ᠡᠯᠢᠭᠡᠨ ᠳᠤ ᠨᠤᠳᠤᠭ ᠣᠰᠤ ᠴᠢᠨᠢ ᠥᠷᠦᠰᠢᠶᠡᠭᠦ ᠥᠭᠡᠢ

ᠭᠦᠤ ᠮᠢᠨᠢ

ᠥᠤᠷ ᠤᠨ ᠭᠢᠷᠠᠭ᠎ᠠ ᠶᠢ ᠵᠦᠰᠤᠨ ᠰᠢᠪᠠᠭᠤ ᠰᠢᠭ ᠨᠢᠰᠤᠨ

ᠦᠳᠡᠰᠢ ᠶᠢᠨ ᠨᠠᠮᠤᠭᠤᠬᠠᠨ ᠳᠤ ᠠᠭᠤᠯᠠᠰ ᠰᠢᠭ ᠳᠦᠩᠭᠦᠢᠵᠤ

ᠰᠠᠷᠠᠨ ᠳᠡᠷᠭᠡᠯ ᠰᠦᠨᠢ ᠪᠠᠷ ᠰᠠᠨᠠᠭ᠎ᠠ ᠪᠣᠳᠤᠯ ᠶᠢᠡᠨ ᠳᠠᠭᠤᠯᠠᠨ

ᠽᠡᠮᠪᠦᠯᠢᠩ ᠤᠨ ᠳᠤᠭᠤᠰᠤ ᠶᠢ ᠭᠦᠯᠦᠭ᠌ ᠤᠨ ᠶᠢᠡᠨ ᠳᠠᠯ ᠶᠢᠡᠷ ᠭᠦᠪᠢᠵᠤ

ᠡᠷ᠎ᠡ ᠭᠦᠮᠤᠨ ᠪᠣᠯᠤᠨ᠎ᠠ ᠰᠢᠤ ᠮᠢᠨᠤ ᠭᠦᠤ ᠭᠡᠵᠤ

ᠭᠦᠨᠦᠭ᠌ ᠲᠤ ᠴᠢᠨᠢ ᠭᠦᠪᠪᠦᠵᠤ ᠣᠨᠠᠭᠰᠠᠨ ᠳᠠᠷᠠ ᠥᠷᠯᠦᠭᠡᠨ ᠤ ᠨᠠᠷᠠ ᠵᠢ

ᠭᠦᠯ ᠰᠢᠪᠠᠷᠠᠳᠠᠯ᠎ᠠ ᠮᠠᠩᠨᠠᠢ ᠳᠤ ᠮᠢᠨᠢ ᠮᠢᠯᠢᠶᠠᠭᠰᠠᠨ

ᠰᠡᠳᠭᠢᠯ ᠤᠨ ᠦᠷᠦᠳᠠᠰᠤ ᠮᠠᠳᠤ ᠬᠤᠨᠢᠨ ᠴᠠᠭᠠᠨ ᠡᠭᠦᠯᠡ

ᠰᠠᠯᠭᠢ ᠭᠡᠪᠢᠵᠤ ᠳᠠᠠᠳᠠ ᠪᠠᠨ ᠵᠤᠭᠰᠤᠭᠰᠠᠭᠠᠷ ᠪᠠᠢ᠌ᠨ᠎ᠠ

ᠰᠠᠢ᠌ᠨ ᠪᠠᠶᠡᠯᠡᠭᠦᠯᠵᠤ ᠪᠠᠢ᠌ᠨ᠎ᠠ ᠦᠦ ᠭᠦᠤ ᠮᠢᠨᠢ ᠡᠭᠦᠷᠭᠡ ᠪᠠᠨ ᠭᠡᠵᠤ

ᠰᠠᠨᠠᠨ ᠰᠠᠨᠠᠨ ᠬᠠᠷᠠᠵᠤ ᠯᠠ ᠪᠠᠢ᠌ᠨ᠎ᠠ

ᠠᠢ ᠳ᠋ᠠ᠂ ᠭᠦᠭᠡᠷᠦᠭᠦᠢ

ᠡᠵᠢ ᠮᠢᠨᠢ

ᠡᠵᠢ ᠶᠢᠨ ᠡᠭᠦᠯᠡ ᠁


2001 ᠣᠨ ᠤ ᠬᠠᠪᠣᠷ᠂ ᠣᠶᠤᠳᠠᠨ ᠤ ᠭᠦᠷᠢᠶᠡᠯᠡᠩ ᠤᠨ ᠬᠦᠬᠡᠬᠤᠲᠠᠨ᠎ᠡ

ᠵᠤᠬᠢᠶᠠᠭᠴᠢ᠄ ᠪᠣᠷᠵᠢᠭᠢᠨ·ᠳᠤᠤᠯᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3048
ᠴᠠᠭ᠄ 2009 ᠤᠨ ᠤ 02 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ