ᠨᠡᠪᠲᠡᠷᠡᠨ ᠤᠷᠤᠬᠤ
ᠵᠠᠷᠢᠮᠠᠳ ᠥᠪᠡᠷ ᠶᠢᠠᠨ ᠮᠡᠳᠡᠬᠦ ᠦᠭᠡᠢ

ᠨᠤᠮ ᠪᠢᠰᠢ᠍ᠯᠭᠠᠳ᠋ᠠᠭ ᠯᠠᠮ᠎ᠠ ᠪᠤᠯᠭᠠᠨ ᠪᠤᠷᠬᠠᠨ ᠪᠢᠰᠢ ᠶᠤᠮ

ᠨᠠᠢ᠌ᠷᠠᠭ ᠪᠢᠴᠢ᠍ᠳ᠋ᠡᠭ᠌ ᠬᠦᠮᠦᠨ ᠪᠤᠯᠭᠠᠨ ᠰᠢ᠍ᠯᠦᠭ᠍ᠴᠢ ᠪᠢᠰᠢ ᠶᠤᠮ

ᠨᠢ᠍ᠳ᠋ᠤᠷᠭ᠎ᠠ ᠲᠠᠯᠠᠢ᠌ᠭᠰᠠᠨ ᠡᠷ᠎ᠠ ᠪᠤᠯᠭᠠᠨ ᠪᠠᠭᠠᠳ᠋ᠤᠷ ᠪᠢᠰᠢ ᠶᠤᠮ

ᠨᠠᠷᠢ᠍ᠨ ᠤᠬᠠᠭᠠᠨ ᠲᠡᠶ ᠬᠦᠮᠦᠨ ᠪᠤᠯᠭᠠᠨ ᠮᠡᠷᠭᠡᠨ ᠪᠢᠰᠢ ᠶᠤᠮ

ᠠᠭᠤᠯᠠ ᠪᠤᠯᠭᠠᠨ ᠬᠠᠢ᠌ᠷᠬᠠᠨ ᠪᠢᠰᠢ ᠶᠤᠮ

ᠤᠰᠤ ᠪᠤᠯᠭᠠᠨ ᠮᠦ᠋ᠷᠡᠨ ᠪᠢᠰᠢ ᠶᠤᠮ

ᠠᠭᠤᠴᠢ᠍ᠯᠠᠯ ᠪᠤᠯᠭᠠᠨ ᠵᠢᠩᠬᠢᠨᠢ ᠪᠢᠰᠢ ᠶᠤᠮ

ᠠᠭᠤᠷᠯᠠᠬᠤ ᠪᠤᠯᠭᠠᠨ ᠪᠤᠷᠤᠭᠤ ᠪᠢᠰᠢ ᠶᠤᠮ

ᠦᠭᠡ ᠲᠠᠨᠢ᠍ᠳ᠋ᠠᠭ ᠦᠭᠡᠶ ᠬᠦᠮᠦᠨ ᠳ᠋ᠥ ᠦᠨᠡᠨ ᠰᠡᠳᠬᠢᠯ ᠬᠡᠷᠡᠭ᠌ ᠦᠭᠡᠶ

ᠦᠰᠦᠭ᠌ ᠲᠠᠨᠢᠳ᠋ᠠᠭ ᠦᠭᠡᠶ ᠨᠦ᠋ᠬᠦᠷ ᠲᠣ ᠡᠷᠢ᠍ᠶᠡᠨ ᠴᠠᠭᠠᠰᠤ ᠬᠡᠷᠡᠭ᠌ ᠦᠭᠡᠶ

ᠰᠢ᠍ᠯᠦᠭ᠌ ᠤᠩᠰᠢ᠍ᠳ᠋ᠠᠭ ᠦᠭᠡᠶ ᠬᠦᠮᠦᠨ ᠰᠡᠭᠦᠯ ᠲᠠᠷᠤᠰᠢ᠍ᠯᠳ᠋ᠠ ᠬᠡᠷᠡᠭ᠌ ᠦᠭᠡᠶ

ᠰᠦ᠋ᠵᠢ᠍ᠭ᠌ ᠬᠠᠵᠠᠭᠠᠢ ᠬᠦᠮᠦᠨ ᠳ᠋ᠥ ᠨᠤᠮ ᠤᠨ ᠰᠤᠪᠤᠷᠭ᠎ᠠ ᠬᠡᠷᠡᠭ᠌ ᠦᠭᠡᠶ

ᠢᠮᠠᠭ᠎ᠠ ᠬᠡᠳ᠋ᠦᠢ ᠲᠤᠮᠤ ᠭᠡᠳ ᠪᠤᠳ᠋ᠠ ᠶᠢᠨ ᠲᠤᠭᠠᠨ ᠳ᠋ᠥ ᠤᠷᠤᠬᠤ ᠦᠭᠡᠶ

ᠠᠮᠢ ᠪᠠᠨ ᠬᠡᠳ᠋ᠦᠢ ᠡᠷᠭᠦᠯ᠎ᠠ ᠭᠡᠳ ᠪᠤᠭᠳ᠋ᠠ ᠶᠢᠨ ᠮᠦ᠋ᠷ ᠲᠣ ᠵᠢᠭᠰᠠᠬᠤ ᠦᠭᠡᠶ

ᠢᠷᠠᠭᠤ ᠠᠯᠳ᠋ᠠᠷ ᠤᠯᠤᠯ᠎ᠠ ᠭᠡᠳ ᠴᠤᠢ᠌ᠨᠤᠮ ᠤᠨ ᠲᠤᠭᠤᠰᠤ ᠶᠢ ᠲᠠᠭᠠᠬᠤ ᠦᠭᠡᠶ

ᠠᠯᠪᠢᠨ ᠴᠢ᠍ᠳᠬᠦᠷ ᠤᠨ ᠠᠪᠴᠢ᠍ᠭ ᠶᠢᠡᠨ ᠵᠠᠷᠢ᠍ᠮᠡᠳ ᠦᠪᠡᠷ ᠶᠢᠡᠨ ᠮᠡᠳ᠋ᠡᠬᠦ ᠦᠭᠡᠶ  ᠃

ᠵᠤᠬᠢᠶᠠᠭᠴᠢ᠄ ᠪᠦᠬᠡᠲᠤᠭᠲᠠᠬᠤ
ᠢᠷᠡᠯᠲᠡ᠄ ᠵᠤᠬᠢᠶᠠᠭᠴᠢ ᠶᠢᠨ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 63960
ᠴᠠᠭ᠄ 2017 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ