☆ ᠯ·ᠪᠠᠶᠠᠠᠵᠢᠷᠭᠠᠯ
《ᠮᠤᠷᠢᠳᠠᠢ ᠡᠭᠦᠯᠡ》 ᠳᠡᠭᠦᠪᠦᠷᠢ ᠨᠢᠭᠡ
1. ᠠᠷᠭᠠᠯ ᠰᠢᠭ ᠣᠤᠭᠢᠭᠰᠠᠨ ᠵᠠᠯᠠᠭᠤ ᠨᠠᠰᠤ ᠮᠢᠨᠢ ᠳ᠋ᠠ
ᠠᠯᠳᠠ ᠰᠢᠭ ᠦᠨᠡᠳᠠᠢ ᠵᠠᠯᠠᠭᠤ ᠨᠠᠰᠤ ᠪᠠᠨ
ᠠᠷᠭᠠᠯ ᠰᠢᠭ ᠣᠤᠭᠢᠭᠤᠯᠵᠤ ᠶᠠᠪᠣᠯ᠎ᠠ
ᠬᠤᠷᠤᠳᠠᠭ ᠨᠠᠰᠤ ᠶᠢ᠌ ᠨᠡᠮᠡᠳᠡᠭ᠌ ᠭᠡᠵᠤ
ᠬᠤᠷᠮᠤᠢ ᠳᠠᠭᠠᠨ ᠵᠢᠪᠠᠷ ᠲᠡᠶ ᠭᠡᠢ᠌ᠭᠦᠯᠵᠤ ᠶᠠᠪᠣᠯ᠎ᠠ
ᠠᠯᠢᠶ᠎ᠠ ᠳᠤᠷ᠎ᠠ ᠶᠢᠨ ᠬᠠᠷᠠᠴᠠ ᠨᠤᠭᠤᠳ ᠳᠤ
ᠰᠢᠭᠢᠷ ᠰᠢᠭ ᠰᠢᠮᠡᠭᠦᠯᠵᠤ ᠶᠠᠪᠣᠯ᠎ᠠ
ᠠᠷᠪᠠᠨ ᠨᠢ᠋ᠮᠠᠳᠤ ᠶᠢᠨ ᠠᠭᠠᠰᠢᠨ ᠨᠤᠭᠤᠳ ᠳᠤ
ᠠᠷᠢᠭᠢᠨ ᠳᠤ ᠰᠢᠭ ᠰᠤᠭᠳᠤᠭᠠᠵᠤ ᠶᠠᠪᠣᠯ᠎ᠠ
ᠪᠣᠴᠠᠬᠤ ᠨᠠᠷᠠᠨ ᠰᠢᠭ ᠬᠠᠰᠢᠷ ᠨᠠᠰᠤ ᠵᠢ᠌
ᠪᠢᠯᠠᠭᠤ ᠴᠤᠭᠢᠮ ᠳᠤᠭᠤᠵᠤ ᠠᠪᠴᠢᠷᠠᠯ᠎ᠠ
ᠪᠣᠯᠭᠠᠷᠢᠨ ᠭᠤᠳᠤᠯ ᠢ ᠮᠠᠬᠠᠢ ᠰᠢᠭ ᠡᠯᠡᠭᠡᠵᠤ
ᠪᠣᠷᠤᠭᠤ ᠵᠦᠪ ᠲᠡᠶ ᠨᠢ ᠪᠣᠳᠠᠷᠠᠭᠤᠯᠵᠤ ᠠᠪᠴᠢᠷᠠᠯ᠎ᠠ
ᠰᠤᠭᠳᠤᠳᠠᠭ ᠳᠤᠷ᠎ᠠ ᠰᠢᠷ᠎ᠠ ᠰᠠᠭᠤᠭᠠᠤᠨ
ᠰᠤᠭᠤ ᠰᠢᠭ ᠭᠡᠦᠭᠡᠨ ᠮᠥᠭᠡᠷ ᠪᠣᠯᠤᠭᠠᠤᠨ
ᠣᠤᠭᠢᠵᠤ ᠪᠠᠷᠠᠭᠰᠠᠨ ᠵᠠᠯᠠᠭᠤ ᠨᠠᠰᠤᠨ ᠤ ᠮᠢᠨᠢ
ᠣᠳᠤᠭ᠎ᠠ ᠨᠢ ᠳᠤᠯᠤᠭᠠᠢ ᠳᠤ ᠪᠣᠭᠤᠷᠤᠯᠳᠤᠵᠤ ᠳᠤᠨᠤᠯᠠ
2. ᠳᠡᠨᠢᠭᠡᠷ ᠤᠨ ᠠᠢ᠌ᠯ
(ᠣᠶᠠᠷᠠᠭᠤᠨ ᠵᠢᠪᠬᠤᠯᠠᠩᠳᠤ ᠠᠷᠠᠤᠨ ᠤᠨ ᠳᠠᠭᠤᠨ ᠤ ᠪᠠᠨ ᠠᠶᠠᠯᠭᠤ ᠵᠡᠭᠦᠳᠦᠯᠡᠨ
ᠣᠳᠤᠮ ᠰᠤᠤᠳᠤ ᠳᠠᠨᠢᠭᠡᠷ ᠤᠨ ᠣᠪᠣᠭᠠᠨ ᠤ ᠪᠠᠨ ᠮᠦᠷᠦᠭᠡᠳᠦᠯ ᠢ ᠡᠭᠢᠯᠡᠵᠤ
ᠬᠣᠢ᠌ᠳᠤ ᠳᠠᠪᠠᠭᠠᠨ ᠤ ᠴᠢᠨᠢ ᠡᠩᠭᠡᠷ ᠤᠨ ᠵᠡᠷᠭᠡᠯᠭᠡᠨ ᠰᠢᠭ
ᠬᠤᠩᠭ᠋ᠤᠷ ᠵᠢᠷᠦᠭᠡᠨ ᠤ ᠮᠢᠨᠢ ᠴᠤᠭᠢᠯᠭ᠎ᠠ ᠳᠤᠯᠭᠢᠰᠴᠤ ᠪᠠᠢ᠌ᠨ᠎ᠠ)
ᠳᠠᠨᠢᠭᠡᠷ ᠤᠨ ᠠᠢ᠌ᠯ ᠭᠡᠵᠤ ᠮᠢᠨᠤ ᠨᠤᠳᠤᠭ
ᠳᠦᠷᠦᠭ᠍ᠰᠡᠨ ᠳᠡᠯᠡᠭ᠍ᠰᠡᠨ ᠮᠢᠨᠢ ᠪᠦᠷ ᠳᠠᠠᠳᠠ ᠪᠠᠢ᠌ᠨᠠᠮ
ᠣᠳᠠᠬᠤ ᠦᠭᠡᠶ ᠣᠳᠠᠬᠤ ᠦᠭᠡᠶ ᠵᠡᠭᠦᠳᠤᠨ ᠳᠤ ᠣᠷᠤᠭᠠᠤᠨ ᠪᠠᠢ᠌ᠳᠠᠭ
ᠠᠴᠢᠳᠤ ᠠᠪᠣ ᠶᠢᠨ ᠮᠢᠨᠢ ᠣᠩᠭ᠋ᠤᠨ ᠴᠤ ᠳᠠᠠᠳᠠ ᠪᠠᠢ᠌ᠨᠠᠮ
ᠳᠡᠮᠡᠭᠡ ᠬᠠᠷᠠᠭᠳᠠᠬᠤ ᠦᠭᠡᠶ ᠳᠠᠷᠠᠰᠤ ᠨᠢ ᠪᠢᠳᠡᠭᠦᠤ
ᠳᠠᠪᠠᠨ᠎ᠠ ᠭᠡᠭᠡᠭᠦ ᠦᠭᠡᠶ ᠣᠰᠤ ᠨᠢ ᠳᠤᠩᠭ᠋ᠠᠯᠠᠭ
ᠳᠠᠨᠢᠭᠡᠷ ᠤᠨ ᠠᠢ᠌ᠯ ᠭᠡᠵᠤ ᠮᠢᠨᠤ ᠨᠤᠳᠤᠭ
ᠳᠠᠠᠳᠠ ᠮᠢᠨᠤ ᠪᠠᠭ᠎ᠠ ᠶᠢᠨ ᠨᠠᠰᠤ ᠮᠢᠨᠢ ᠪᠠᠢ᠌ᠨᠠᠮ
ᠮᠠᠨ ᠤ ᠦᠶ᠎ᠡ ᠶᠢᠨ ᠭᠢᠨ ᠤ ᠠᠯᠢᠶᠠᠷᠬᠠᠵᠤ ᠦᠰᠦᠭ᠍ᠰᠡᠨ
ᠮᠠᠩᠬ᠎ᠠ ᠨᠢ ᠭᠦᠷᠳᠡᠯ᠎ᠡ ᠭᠡᠷ ᠰᠢᠭ᠌ ᠨᠦᠮᠦᠷᠢ ᠳᠠᠢ
ᠣᠷᠤᠢ ᠨᠢ ᠪᠣᠮᠪᠠᠭᠠᠷ ᠳᠠᠨᠢᠭᠡᠷ ᠤᠨ ᠮᠢᠨᠢ ᠣᠪᠣᠭ᠎ᠠ
ᠡᠭᠦᠷᠢᠳᠡ ᠮᠢᠨᠤ ᠰᠢᠳᠦᠭᠡᠨ ᠪᠠᠢ᠌ᠨᠠᠮ
ᠪᠠᠭ᠎ᠠ ᠨᠠᠰᠤᠨ ᠤ ᠾᠢᠮᠡᠯᠢ ᠨᠢᠷᠤᠭᠤ
ᠪᠣᠷᠤ ᠳᠤᠪᠣ ᠶᠢᠨ ᠳᠤᠮᠤᠭᠳᠤ ᠣᠷᠤᠢ
ᠪᠠᠷᠠᠭᠤᠨ ᠳᠠᠯ᠎ᠠ ᠵᠡᠭᠦᠨ ᠵᠤ᠋ ᠪᠦᠭᠦᠳᠡᠭᠡᠷ ᠶᠢᠡᠨ
ᠪᠠᠳᠠᠭ ᠰᠢᠯᠦᠭ᠌ ᠤᠨ ᠮᠢᠨᠢ ᠡᠭᠦᠷᠢᠳᠡ ᠶᠢᠨ ᠳᠠᠭᠤᠤ ᠪᠠᠢ᠌ᠨᠠᠮ
3. ᠬᠤᠷᠢᠨ ᠵᠢᠯ ᠤᠨ ᠳᠠᠷᠠᠭ᠎ᠠ
ᠬᠤᠷᠢᠨ ᠵᠢᠯ ᠤᠨ ᠳᠠᠷᠠᠭ᠎ᠠ ᠭᠡᠷᠪᠡ
ᠭᠦᠭᠡᠷᠦᠭᠦᠨ ᠴᠢᠮ᠎ᠠ ᠲᠡᠶ ᠣᠴᠠᠷᠠᠬᠤ ᠳᠤ ᠭᠦᠷᠪᠠᠯ
ᠬᠤᠪᠢ ᠵᠠᠶᠠᠭ᠎ᠠ ᠮᠠᠨ ᠢ ᠳᠠᠭᠢᠨ
ᠬᠠᠢ᠌ᠷ᠎ᠠ ᠳᠤᠷᠠᠯᠠᠯ ᠶᠠᠷᠢᠭᠤᠯᠳᠠᠭ ᠪᠣᠯ ᠦᠦ ︖
ᠴᠠᠰᠤᠨ ᠳᠤ ᠨᠤᠷᠤᠭᠰᠠᠨ ᠭᠦᠮᠦᠰ ᠰᠢᠭ
ᠴᠠᠭᠠᠨ ᠪᠣᠭᠤᠷᠤᠯ ᠰᠡᠪᠢᠯᠭᠡ ᠦᠳ ᠭᠡᠢ᠌ᠰᠭᠡᠵᠤ
ᠴᠠᠭᠠᠨ᠎ᠠ ᠪᠠᠨ ᠨᠢᠭᠡ ᠯᠠ ᠳᠤᠮᠤᠭ᠎ᠠ ᠲᠡᠶ ᠪᠣᠯᠭᠠᠵᠤ
ᠴᠢ ᠪᠢ ᠭᠡᠵᠤ ᠡᠷᠢᠶ᠎ᠡ ᠲᠡᠶ ᠯᠠ ᠪᠠᠢ᠌ᠬᠤ ᠦᠦ ︖
ᠭᠡᠨᠡᠳᠲᠡᠭᠡᠨ ᠨᠢᠭᠡ ᠶᠠᠭᠤᠮ᠎ᠠ ᠰᠠᠨᠠᠭᠠᠨ ᠳᠤ ᠣᠷᠤᠭᠰᠠᠨ ᠰᠢᠭ
ᠭᠡᠮᠰᠢᠯ ᠬᠠᠷᠠᠮᠰᠠᠯ ᠰᠡᠳᠭᠢᠯ ᠢ ᠡᠪᠭᠡᠷᠡᠭᠦᠯᠵᠤ
ᠬᠠᠢ᠌ᠷ᠎ᠠ ᠬᠠᠢ᠌ᠷ᠎ᠠ ᠪᠠᠨ ᠳᠠᠭᠠᠭᠠᠵᠤ ᠶᠠᠳᠠᠭᠰᠠᠨ ᠳ᠋ᠠᠭᠠᠨ
ᠬᠠᠳᠠᠭᠰᠠᠨ ᠨᠢᠳᠤᠨ ᠤ ᠨᠢᠯᠪᠣᠰᠤ ᠪᠦᠮᠪᠦᠷᠢᠳᠡᠭ᠌ ᠯᠠ ᠪᠠᠢ᠌ᠬᠤ ᠦᠦ ︖
ᠠᠮᠢ ᠨᠠᠰᠤᠨ ᠤ ᠬᠠᠳᠠᠭᠤ ᠴᠡᠭᠡᠷ ᠦᠳ
ᠠᠯᠬᠤᠬᠤ ᠡᠴᠡ ᠮᠢᠨᠢ ᠡᠭᠢᠯᠡᠭᠡᠳ ᠳᠠᠶᠠᠭ ᠡᠷᠢᠭᠦᠯᠭᠦ ᠳ᠋ᠤ
ᠠᠷᠤ ᠡᠴᠡ ᠮᠢᠨᠢ ᠶᠡᠭᠦᠷᠴᠤ ᠡᠭᠢᠯᠡᠭ᠍ᠰᠡᠨ ᠴᠠᠭᠠᠵᠠ ᠡᠴᠡ ᠵᠠᠪᠳᠤᠵᠤ
ᠠᠯᠳᠠᠨ ᠬᠤᠶᠠᠷ ᠪᠠᠶᠠᠰ ᠶᠢᠠᠨ ᠥᠭᠦᠭᠡᠷᠳᠡᠨ ᠨᠢᠯᠬᠠᠷᠠᠳᠠᠭ ᠯᠠ ᠪᠠᠢ᠌ᠬᠤ ᠦᠦ ︖
ᠬᠤᠯᠠ ᠶᠢᠨ ᠳᠡᠷᠡᠭᠦ ᠴᠡᠴᠡᠭ᠍ᠳᠤ ᠳᠠᠯ᠎ᠠ ᠶᠢ᠌ ᠳᠤᠷᠠᠰᠴᠤ
ᠬᠤᠪᠠᠬᠠᠢ᠌ᠷᠠᠭᠰᠠᠨ ᠡᠨᠡᠭᠦ ᠨᠠᠮᠤᠷ ᠤᠨ ᠣᠯᠠᠷᠢᠯ ᠳᠤ ᠣᠬᠠᠭᠠᠷᠠᠵᠤ
ᠬᠠᠷᠠᠮᠰᠠᠨ ᠢᠴᠢᠩᠭᠦᠷᠡᠭᠦ ᠨᠢᠭᠤᠴᠠᠭᠠᠢ ᠰᠡᠳᠭᠢᠯ ᠳ᠋ᠡᠭᠡᠨ
ᠬᠤᠷᠤᠮᠬᠠᠨ ᠴᠤ ᠭᠡᠰᠡᠨ ᠨᠠᠰᠤ ᠪᠠᠨ ᠮᠠᠷᠳᠠᠵᠤ ᠵᠢᠷᠭᠠᠳᠠᠭ ᠯᠠ ᠪᠠᠢ᠌ᠬᠤ ᠦᠦ ︖
4. ᠪᠢ ᠬᠤᠪᠢᠷᠠᠭ᠎ᠠ ᠭᠡᠵᠢ ᠦᠦ ︖
ᠠᠯᠭᠠᠷ ᠪᠠᠭ᠎ᠠ ᠶᠢᠨ ᠨᠠᠰᠤᠨ ᠳ᠋ᠤ
ᠠᠯᠤᠰ ᠡᠴᠡ ᠢᠷᠡᠭᠦ ᠠᠪᠣ ᠶᠢᠨ ᠮᠢᠨᠢ ᠪᠠᠷ᠎ᠠ
ᠠᠭᠤᠯᠠ ᠨᠢᠷᠤᠭᠤ ᠰᠢᠭ ᠰᠡᠭᠦᠢᠵᠤ ᠬᠠᠷᠠᠭᠳᠠᠳᠠᠭ
ᠠᠪᠣ ᠪᠠᠨ ᠪᠢ ᠳᠡᠭᠡᠵᠤ ᠪᠣᠳᠤᠳᠠᠭ᠃
ᠦᠰᠴᠤ ᠥᠭᠡᠯᠡᠢ ᠪᠣᠯᠬᠤ ᠳ᠋ᠤ
ᠥᠭᠡᠳᠡ ᠡᠴᠡ ᠢᠷᠡᠭᠦ ᠬᠤᠩᠭ᠋ᠤᠷ ᠤᠨ ᠮᠢᠨᠢ ᠢᠨᠢᠶᠡᠮᠦᠰᠦᠭᠯᠡᠯ
ᠣᠢ᠌ᠳᠠᠩ ᠬᠤᠸᠠᠷ ᠰᠢᠭ᠌ ᠳᠡᠯᠭᠡᠷᠡᠵᠤ ᠬᠠᠷᠠᠭᠳᠠᠳᠠᠭ
ᠦᠨᠡᠨ ᠪᠢ ᠳᠡᠭᠡᠵᠤ ᠰᠠᠨᠠᠳᠠᠭ᠃
ᠬᠤᠵᠢᠮ ᠰᠡᠭᠦᠯᠡᠷ ᠨᠢ ᠠᠶ᠎ᠠ ᠳ᠋ᠠ ᠶᠠᠭᠠᠭᠢᠬᠤᠪ
ᠭᠦᠭᠡᠷᠦᠭᠦᠢ ᠠᠪᠣ ᠮᠢᠨᠢ ᠦᠨᠡᠨ ᠤ ᠭᠠᠵᠠᠷ ᠶᠠᠪᠣᠪᠠ
ᠬᠤᠩᠭ᠋ᠤᠷ ᠪᠦᠰᠡᠭᠦᠢ ᠮᠢᠨᠢ ᠴᠤ ᠢᠨᠢᠶᠡᠭᠦ ᠪᠠᠨ ᠪᠣᠯᠢᠪᠠ
ᠬᠠᠷᠢᠨ ᠮᠢᠨᠤ ᠪᠣᠳᠤᠯ ᠬᠤᠪᠢᠷᠠᠭ᠎ᠠ ᠦᠭᠡᠶ᠃
ᠣᠳᠤ ᠪᠣᠯᠬᠤ ᠳᠤ ᠬᠠᠴᠢᠨ ᠳ᠋ᠠ ᠶᠠᠭᠠᠭᠢᠬᠤᠪ
ᠦᠷ᠎ᠡ ᠮᠢᠨᠢ ᠨᠠᠳᠠ ᠳᠠᠭᠠᠨ ᠠᠭᠤᠯᠠ ᠰᠢᠭ ᠬᠠᠷᠠᠭᠳᠠᠨ᠎ᠠ
ᠬᠠᠨᠢ ᠮᠢᠨᠢ ᠨᠠᠳᠠ ᠳᠠᠭᠠᠨ ᠬᠡᠦᠬᠡᠳ ᠰᠢᠭ ᠰᠠᠨᠠᠭᠳᠠᠨ᠎ᠠ
ᠬᠠᠷᠢᠨ ᠮᠢᠨᠤ ᠪᠣᠳᠤᠯ ᠬᠤᠪᠢᠷᠠᠭ᠎ᠠ ᠭᠡᠵᠢ ᠦᠦ ︖
5. ᠰᠠᠨᠠᠭ᠎ᠠ ᠪᠠ ᠵᠡᠭᠦᠳᠤ
ᠶᠠᠳᠠᠷᠠᠭᠰᠠᠨ ᠪᠠᠶ᠎ᠠ ᠮᠢᠨᠢ ᠲᠤᠢ᠌ᠯᠳᠠᠵᠤ
ᠶᠠᠭᠠᠭᠢᠬᠤ ᠶᠢᠨ ᠠᠷᠭ᠎ᠠ ᠦᠭᠡᠶ ᠨᠣᠢ᠌ᠷ ᠲᠤ ᠣᠮᠪᠠᠯᠠ
ᠶᠠᠭ ᠳᠡᠭᠡᠳᠡᠯ᠎ᠡ ᠨᠢᠭᠡᠨ ᠡᠩᠬᠦᠷᠡᠢ ᠬᠤᠯᠤᠭᠠᠨ᠎ᠠ
ᠶᠠᠯᠳᠠᠮᠬᠠᠨ ᠠᠭᠠᠰᠢ ᠪᠠᠷ ᠭᠠᠷ ᠢ ᠮᠢᠨᠢ ᠦᠨᠦᠰᠤᠯ᠎ᠠ
ᠠᠭᠤᠷᠯᠠᠭᠰᠠᠨ ᠭᠢᠭᠡᠳ ᠠᠶᠤᠭᠰᠠᠨ ᠳᠠᠪᠬᠤᠴᠠᠵᠤ
ᠡᠨᠡᠭᠦ ᠬᠤᠯᠤᠭᠠᠨ᠎ᠠ ᠶᠢ᠌ ᠰᠠᠪᠠᠵᠤ ᠠᠯᠠᠯ᠎ᠠ
ᠥᠭᠦᠭ᠍ᠰᠡᠨ ᠬᠤᠯᠤᠭᠠᠨ᠎ᠠ ᠳᠤᠤᠷ᠎ᠠ ᠪᠠᠨ ᠬᠤᠪᠢᠷᠠᠵᠤ
ᠥᠵᠡᠰᠭᠦᠯᠡᠩ ᠭᠡᠦᠭᠡᠨ ᠨᠠᠮ᠎ᠠ ᠶᠢ᠌ ᠦᠨᠦᠰᠤᠯ᠎ᠠ
ᠦᠷᠤ ᠵᠢᠷᠦᠭᠡ ᠮᠠᠨᠢ ᠡᠷᠭᠡ ᠦᠭᠡᠶ ᠳᠤᠭᠳᠤᠯᠵᠤ
ᠥᠵᠡᠰᠭᠦᠯᠡᠩ ᠭᠡᠦᠭᠡᠨ ᠢ ᠳᠠᠪᠠᠷᠢᠵᠤ ᠠᠪᠳᠠᠯ᠎ᠠ
ᠡᠷᠢᠶᠡᠨ ᠠᠯᠠᠭ ᠮᠤᠭᠠᠢ ᠬᠤᠪᠢᠷᠠᠵᠤ
ᠦᠪᠴᠢ ᠪᠠᠶ᠎ᠠ ᠶᠢ᠌ ᠮᠢᠨᠢ ᠣᠷᠢᠶᠠᠵᠤ ᠣᠷᠭᠢᠯ᠎ᠠ
ᠰᠠᠠᠳᠤᠷᠠᠭᠰᠠᠨ ᠪᠢ ᠰᠤᠴᠢᠨ ᠰᠠᠷᠢᠵᠤ
ᠰᠠᠶᠢ ᠶᠢᠨ ᠪᠣᠯᠤᠭᠰᠠᠨ ᠵᠡᠭᠦᠳᠤ ᠶᠢ᠌ ᠭᠠᠢ᠌ᠬᠠᠯ᠎ᠠ
ᠱᠠᠯ ᠭᠦᠯᠦᠰᠤ ᠪᠠᠶ᠎ᠠ ᠪᠠᠨ ᠦᠨᠳᠠᠢ᠌ᠵᠤ
ᠰᠠᠷᠠᠨ ᠤ ᠭᠡᠷᠡᠯ ᠢ ᠭᠤᠨᠢᠭᠳᠠᠢ ᠬᠠᠷᠠᠯ᠎ᠠ
6. ᠭᠦᠭᠡ ᠮᠤᠩᠭ᠋ᠤᠯ ᠥᠩᠭᠡ
ᠨᠢ᠋ᠮᠠᠨ ᠵᠠᠭᠤᠨ ᠢ ᠠᠭᠰᠢᠭᠠᠵᠤ
ᠨᠠᠶᠠᠨ ᠳᠤᠤᠯᠢ ᠬᠠᠢ᠌ᠯᠠᠭᠰᠠᠨ
ᠨᠢᠰᠳᠡᠭ᠌ ᠮᠤᠷᠢᠨ ᠤ ᠡᠵᠡᠨ
ᠨᠠᠢ᠌ᠳᠠ ᠮᠤᠩᠭ᠋ᠤᠯ ᠮᠢᠨᠢ ᠭᠦᠭᠡ ︕
ᠳᠡᠭ᠍ᠷᠢ ᠭᠠᠵᠠᠷ ᠤᠨ ᠵᠠᠢ᠌ᠴᠢᠨ ᠳ᠋ᠤ
ᠳᠠᠮᠤᠵᠢᠨ ᠶᠢᠠᠷ ᠣᠮᠤᠭᠰᠢᠭᠰᠠᠨ
ᠳᠡᠯᠡᠭ᠍ᠰᠡᠨ ᠨᠤᠮᠤᠨ ᠤ ᠰᠤᠮᠤ ᠨᠢ
ᠳᠡᠭ᠍ᠷᠢ ᠳᠤ ᠱᠤᠤᠭᠢᠬᠤ ᠨᠢ ᠭᠦᠭᠡ ︕
ᠳᠤᠭ ᠨᠢ ᠭᠦᠭᠡ᠂ ᠴᠡᠢ ᠨᠢ ᠭᠦᠭᠡ
ᠳᠦᠷᠤ ᠨᠢ ᠭᠦᠭᠡ᠂ ᠲ᠋ᠡᠭ᠍ᠷᠢ ᠨᠢ ᠭᠦᠭᠡ
ᠲᠦᠮᠡᠨ ᠦᠶ᠎ᠡ ᠳᠤ ᠬᠤᠪᠢᠷᠠᠳᠠᠭ ᠥᠭᠡᠢ
ᠮᠤᠩᠭ᠋ᠤᠯ ᠥᠩᠭᠡ ᠪᠣᠯ ᠭᠦᠭᠡ ᠡ ︕
ᠵᠤᠬᠢᠶᠠᠭᠴᠢ ᠶᠢᠨ ᠬᠠᠶᠢᠭ ᠄ ᠦᠪᠣᠷ ᠮᠤᠩᠭ᠋ᠤᠯ ᠤᠨ ᠠᠷᠤ ᠬᠤᠷᠴᠢᠨ ᠬᠤᠰᠢᠭᠤᠨ ᠤ ᠠᠷᠠᠤᠨ ᠤᠨ ᠶᠠᠪᠣᠳᠠᠯ ᠤᠨ ᠳᠤᠪᠴᠢᠶ᠎ᠠ
ᠵᠤᠬᠢᠶᠠᠭᠴᠢ᠄ ᠯ·ᠪᠠᠶᠠᠠᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2012 ᠤᠨ ᠤ 04 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ