ᠨᠡᠪᠲᠡᠷᠡᠨ ᠤᠷᠤᠬᠤ
ᠰᠢᠯᠦᠭ᠌ ᠦᠭᠡᠶ ᠰᠦᠨᠢ

ᠨᠠᠷᠠ ᠪᠠᠨ ᠰᠠᠷᠠ ᠪᠠᠷ ᠰᠤᠯᠢᠬᠤ ᠦᠭᠡᠶ ᠭᠡᠮᠡᠨ

ᠪᠣᠭᠤᠷᠤᠯ ᠠᠭᠤᠯᠠᠰ ᠰᠡᠭᠦᠯᠴᠢ ᠶᠢᠨ ᠭᠡᠭᠡ ᠱᠥᠭᠦᠷᠴᠤ

ᠣᠳᠤᠳ ᠢ ᠬᠠᠭᠤᠷᠴᠤ ᠰᠢᠯᠦᠭ᠌ ᠦᠭᠡᠶ ᠰᠦᠨᠢ


ᠭᠦᠤ ᠪᠠᠨ ᠫᠣᠤ ᠪᠠᠷ ᠠᠠᠳᠠᠭᠤᠯᠬᠤ ᠦᠭᠡᠶ ᠭᠡᠮᠡᠨ

ᠭᠦᠭᠡᠷᠦᠭᠦᠢ ᠡᠵᠢ ᠪᠣᠷᠬᠠᠨ ᠳᠠᠭᠠᠨ ᠭᠤᠷᠪᠠ ᠮᠥᠷᠭᠦᠵᠤ

ᠰᠡᠳᠭᠢᠯ ᠶᠢᠡᠨ ᠠᠷᠭᠠᠳᠠᠵᠤ ᠰᠢᠯᠦᠭ᠌ ᠦᠭᠡᠶ ᠰᠦᠨᠢ


ᠮᠠᠯ ᠶᠢᠡᠨ ᠴᠢᠨ᠋ᠸ᠎ᠠ ᠳᠤ ᠠᠯᠳᠠᠭᠤᠯᠬᠤ ᠦᠭᠡᠶ ᠭᠡᠮᠡᠨ

ᠠᠳᠤᠭᠤᠴᠢᠨ ᠠᠪᠣ ᠳᠠᠮᠤᠷ ᠰᠠᠷᠠᠯᠵᠢ ᠪᠠᠨ ᠳᠤᠭᠤᠷᠢᠵᠤ

ᠪᠠᠢ᠌ᠭᠠᠯᠢ ᠪᠠᠨ ᠢᠳᠡᠭᠡᠵᠤ ᠰᠢᠯᠦᠭ᠌ ᠦᠭᠡᠶ ᠰᠦᠨᠢ


ᠭᠦᠮᠤᠨ ᠶᠢᠡᠨ ᠠᠷᠢᠭᠢ ᠪᠠᠷ ᠰᠥᠨᠦᠭᠡᠭᠦ ᠦᠭᠡᠶ ᠭᠡᠮᠡᠨ

ᠭᠦᠳᠡᠷ ᠡᠷ᠎ᠡ ᠪᠠᠶ᠎ᠠ ᠳᠡᠭᠡᠨ ᠭᠤᠷᠪᠠ ᠠᠮᠠᠯᠳᠤᠵᠤ

ᠭᠦᠡᠳᠡᠢ ᠯᠤᠩᠬᠤ ᠳᠠᠪᠠᠷᠢᠵᠤ ᠰᠢᠯᠦᠭ᠌ ᠦᠭᠡᠶ ᠰᠦᠨᠢ


ᠬᠠᠢ᠌ᠷ᠎ᠠ ᠪᠠᠨ ᠬᠠᠯᠠ ᠳᠤ ᠣᠨᠠᠭᠠᠬᠤ ᠦᠭᠡᠶ ᠭᠡᠮᠡᠨ

ᠬᠤᠩᠭ᠋ᠤᠷ ᠪᠦᠰᠡᠭᠦᠢ ᠳᠡᠭᠡᠨ ᠳᠠᠭᠢᠠᠳᠠ ᠳᠠᠩᠭ᠋ᠠᠷᠢᠭᠯᠠᠵᠤ

ᠬᠠᠷᠠᠩᠭ᠋ᠤᠢ ᠦᠳᠡᠰᠢ ᠠᠢ᠌ᠯ ᠳᠤ ᠰᠢᠯᠦᠭ᠌ ᠦᠭᠡᠶ ᠰᠦᠨᠢ


ᠥᠰᠦᠭ᠌ ᠶᠢᠡᠨ ᠪᠣᠰᠤᠭ᠎ᠠ ᠪᠠᠷ ᠨᠢ ᠪᠢᠴᠢᠳᠡᠭ᠌ ᠭᠡᠮᠡᠨ

ᠥᠷᠦᠭᠡᠯ ᠪᠣᠰᠤᠳ ᠲᠤ ᠮᠡᠷᠭᠡᠨ ᠪᠠᠭᠰᠢ ᠪᠣᠯᠵᠤ

ᠦᠪᠡᠷ ᠤᠨ ᠭᠦᠤ ᠨᠢ ᠭᠡᠪᠳᠡᠭᠡ ᠪᠢᠴᠢᠵᠤ ᠰᠢᠯᠦᠭ᠌ ᠦᠭᠡᠶ ᠰᠦᠨᠢ


ᠰᠢᠯᠦᠭ᠌ ᠦᠭᠡᠶ ᠰᠦᠨᠢ

ᠳᠠᠩᠳᠠ ᠰᠢᠯᠦᠭ᠌ ᠪᠣᠳᠤᠭᠳᠠᠭᠠᠤᠨ ᠪᠠᠢ᠌ᠬᠤ ᠪᠠᠷ

ᠰᠦᠨᠢᠵᠢᠨ ᠳᠠᠩᠳᠠ ᠰᠢᠯᠦᠭ᠌᠁

ᠵᠤᠬᠢᠶᠠᠭᠴᠢ᠄ ᠰᠤ ᠠᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2637
ᠴᠠᠭ᠄ 2009 ᠤᠨ ᠤ 06 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ