☆ ᠣᠷᠢᠬᠠᠨ
ᠬᠠᠯᠠᠭᠤᠨ ᠡᠯᠢᠭᠡᠨ ᠨᠤᠳᠤᠭ
ᠬᠠᠭᠳᠠ ᠭᠦᠭᠡᠷᠡᠨ ᠬᠠᠢ᠌ᠯ ᠣᠷᠤᠰᠤᠭᠰᠠᠨ ᠬᠠᠪᠣᠷ ᠤᠨ ᠡᠭᠢᠨ ᠤ ᠨᠢᠭᠡᠨ ᠡᠳᠦᠷ ᠮᠠᠨ ᠤ ᠰᠤᠷᠭᠠᠭᠤᠯᠢ ᠨᠢ ᠴᠢᠯᠦᠭᠡ ᠳᠠᠯᠪᠢᠵᠤ ᠪᠢᠯᠠ᠃ ᠰᠠᠨᠠᠵᠤ ᠰᠠᠨᠠᠭᠠᠯᠵᠠᠵᠤ ᠶᠠᠪᠣᠭᠰᠠᠨ ᠨᠤᠳᠤᠭ ᠣᠰᠤ᠂ ᠡᠯᠢᠭᠡᠨ ᠰᠠᠳᠤᠨ ᠠᠠᠳᠠ ᠨᠥᠭᠦᠤᠨ᠂ ᠰᠠᠢ᠌ᠬᠠᠨ ᠳᠤᠷᠠᠤᠠᠬᠠᠯ ᠪᠦᠭᠦᠨ ᠤ ᠰᠢᠵᠢᠮ ᠪᠣᠯᠵᠤ ᠵᠢᠷᠦᠭᠡᠨ ᠳᠤᠯᠳᠤ ᠳᠤ ᠰᠦᠨᠳᠠᠷᠯᠠᠵᠤ ᠪᠠᠢ᠌ᠳᠠᠭ ᠴᠢᠯᠠᠭᠤᠳᠤ ᠳᠠᠪᠠᠭ᠎ᠠ ᠪᠠᠨ ᠬᠠᠷᠠᠬᠤ ᠨᠢ ᠭᠡᠭᠦ ᠡᠴᠡ ᠵᠢᠷᠦᠭᠡ ᠰᠠᠤᠠᠭᠢᠯ ᠮᠢᠨᠢ ᠶᠡᠭᠡᠳᠡ ᠳᠤᠭᠳᠤᠯᠤᠨ᠎ᠠ᠃
ᠬᠠᠷᠬᠠᠨ ᠪᠠᠭ᠎ᠠ ᠡᠴᠡ ᠪᠠᠨ ᠰᠤᠶᠤᠯ ᠤᠨ ᠮᠦᠷ ᠭᠦᠭᠡᠭᠡᠭᠦ ᠪᠠᠷ ᠭᠦᠮᠤᠨ ᠤ ᠨᠤᠳᠤᠭ ᠲᠤ ᠡᠨᠡ ᠵᠠᠮ ᠶᠢᠡᠷ ᠣᠯᠠᠨ ᠣᠳᠠᠭ᠎ᠠ ᠠᠶᠠᠯᠠᠭᠰᠠᠨ ᠶᠤᠮ᠃ ᠣᠳᠠᠭ᠎ᠠ ᠪᠣᠯᠭᠠᠨ ᠨᠤᠳᠤᠭ ᠲᠤ ᠪᠠᠨ ᠬᠠᠷᠢᠬᠤ ᠳᠤ ᠴᠢᠯᠠᠭᠤᠳᠤ ᠳᠠᠪᠠᠭ᠎ᠠ ᠮᠢᠨᠢ ᠴᠡᠴᠡᠭ᠌ ᠤᠨ ᠳᠠᠪᠠᠯᠭᠠᠨ ᠬᠠᠶᠠᠯᠠᠨ ᠦᠷ᠎ᠡ ᠨᠠᠮᠢ᠋ᠢ ᠪᠠᠨ ᠪᠠᠨ ᠣᠭᠳᠤᠳᠠᠭ᠃
ᠡᠨᠡ ᠣᠳᠠᠭ᠎ᠠ ᠴᠤ ᠨᠠᠮ᠎ᠠ ᠶᠢ ᠪᠠᠨ ᠪᠠᠶᠠᠷᠳᠠᠢ᠌ᠬᠠᠨ ᠣᠭᠳᠤᠬᠤ ᠪᠠᠢ᠌ᠯᠭᠦᠢ ᠭᠡᠵᠤ ᠭᠦᠭ᠍ᠰᠡᠨ ᠪᠠᠶᠠᠷᠯᠠᠭᠰᠠᠨ ᠰᠡᠳᠬᠢᠯᠭᠡ ᠪᠠᠨ ᠳᠠᠷᠤᠵᠤ ᠶᠠᠳᠠᠨ ᠶᠠᠪᠣᠳᠠᠯ᠎ᠠ ᠴᠢᠯᠠᠭᠤᠳᠤ ᠳᠠᠪᠠᠭ᠎ᠠ ᠮᠢᠨᠢ ᠬᠠᠷᠠᠭᠠᠨ ᠳᠤ ᠳᠤᠳᠤᠷᠠᠯ᠎ᠠ᠂ ᠬᠠᠷᠠᠯᠠᠵᠤ ᠪᠦᠷᠳᠥᠢᠭ᠍ᠰᠡᠨ ᠪᠠᠷ᠎ᠠ ᠨᠢ ᠰᠠᠤᠠᠭᠢᠯ ᠳᠤ ᠮᠢᠨᠢ ᠨᠢᠭᠡᠨ ᠰᠤᠨᠢᠨ ᠰᠤᠪᠢᠩ ᠳᠦᠷᠦᠭ᠍ᠳᠡᠭᠦᠯᠦᠨ᠎ᠡ᠃ ᠪᠢ ᠦᠪᠡᠷ ᠤᠨ ᠮᠠᠳᠠᠯ ᠦᠭᠡᠶ ᠠᠯᠬᠤᠮ ᠶᠢᠡᠨ ᠳᠦᠷᠭᠡᠳᠭᠡᠵᠤ ᠴᠢᠯᠠᠭᠤᠳᠤ ᠳᠠᠪᠠᠭᠠᠨ ᠳᠤ ᠪᠠᠨ ᠣᠢ᠌ᠷᠠᠳᠤᠨ ᠭᠦᠷᠦᠯ᠎ᠡ︕
ᠡᠨᠡ ᠴᠢᠨᠢ ᠶᠠᠮᠠᠷ ᠶᠠᠪᠣᠳᠠᠯ ᠪᠣᠯᠴᠢᠬᠠᠪᠠ︖
ᠴᠢᠯᠠᠭᠤᠳᠤ ᠳᠠᠪᠠᠭᠠᠨ ᠤ ᠮᠢᠨᠢ ᠬᠠᠯᠢᠭᠤᠷᠠᠨ ᠨᠠᠢ᠌ᠭᠤᠳᠠᠭ ᠰᠢᠮᠡᠯᠢᠭ᠌ ᠪᠠᠯᠴᠢᠭᠡᠷ ᠨᠢ ᠦᠨᠳᠦᠰᠦ ᠪᠠᠷ ᠶᠢᠡᠨ ᠣᠷᠪᠠᠭᠤᠯᠤᠭᠳᠠᠵᠤ᠂ ᠵᠤ᠋ ᠨᠢ ᠰᠢᠷᠭᠠᠯᠳᠤᠭᠰᠠᠨ ᠵᠡᠭᠡᠷ᠎ᠡ ᠭᠤᠷ᠎ᠠ ᠶᠢᠨ ᠰᠥᠷᠦᠭ᠌ ᠣᠷᠤᠭᠠᠤᠨ ᠪᠠᠷ᠎ᠠ ᠳᠠᠰᠤᠷᠠᠳᠠᠭ ᠪᠣᠷᠭᠠᠰᠤ ᠪᠣᠳᠠ ᠨᠢ ᠴᠤ ᠣᠷᠤ ᠳᠠᠰᠤ ᠠᠷᠢᠯᠵᠠᠢ᠃ ᠪᠠᠷᠢ ᠴᠡᠴᠡᠭ᠌᠂ ᠪᠦᠪᠠᠭᠡᠯᠵᠢᠨ ᠬᠤᠸᠠᠷ ᠁ ᠥᠩᠭᠡ ᠢᠯᠭᠠᠷᠠᠨ ᠮᠢᠷᠠᠯᠵᠠᠳᠠᠭ ᠴᠢᠯᠠᠭᠤᠳᠤ ᠣᠷᠤᠢ ᠨᠢ ᠬᠤᠵᠢᠭᠢᠷ ᠭᠦᠮᠤᠨ ᠤ ᠠᠯᠠᠭ ᠳᠠᠷᠯᠠᠨ ᠳᠡᠷᠢᠭᠦᠨ ᠰᠢᠭ᠌ ᠥᠵᠡᠭᠦ ᠶᠢᠨ ᠰᠢᠠᠵᠢ ᠦᠭᠡᠶ ᠪᠣᠯᠵᠤ ᠵᠤᠷᠮ᠎ᠠ ᠬᠤᠯᠤᠭᠠᠨ᠎ᠠ ᠭᠦᠶᠦᠪᠠᠴᠤ ᠰᠢᠷᠤᠢ ᠫᠣᠷᠭᠢᠮᠠ ᠣᠯᠠᠭᠠᠨ ᠨᠢᠴᠦᠭᠦᠨ ᠪᠣᠯᠵᠠᠢ᠃
ᠪᠢ ᠦᠪᠡᠷ ᠤᠨ ᠨᠢᠳᠤ ᠪᠠᠨ ᠢᠳᠡᠭᠡᠵᠤ ᠶᠠᠳᠠᠨ ᠮᠠᠯᠠᠷᠠᠨ ᠵᠤᠭᠰᠤᠬᠤ ᠳᠤ ᠠᠪᠣ ᠮᠢᠨᠢ ᠠᠷᠤ ᠭᠡᠷ ᠡᠴᠡ ᠨᠠᠮ᠎ᠠ ᠶᠢ ᠡᠷᠭᠢᠭᠦ ᠪᠠᠷ ᠣᠴᠢᠭᠠᠤᠨ ᠨᠤᠳᠤᠭ ᠲᠤ ᠮᠢᠨᠢ ᠡᠪᠠᠰᠤ ᠳᠠᠷᠢᠵᠤ ᠥᠷᠳᠡᠭ᠌ ᠨᠡᠮᠡᠭ᠍ᠳᠡᠭᠦᠯᠦᠨ᠎ᠡ᠂ ᠳᠠᠷᠢᠶ᠎ᠠ ᠳᠠᠷᠢᠵᠤ ᠳᠠᠸᠠᠷᠵᠢᠯᠳᠠ ᠶᠢ ᠳᠦᠷᠭᠡᠳᠭᠡᠨ᠎ᠡ ᠭᠡᠵᠤ ᠬᠨ ᠶᠠ ᠦᠭᠡᠶ ᠭᠠᠵᠠᠷ ᠬᠠᠭᠠᠯᠪᠣᠷᠢᠯᠠᠬᠤ ᠬᠠᠯᠠᠭᠤᠷᠠᠯ ᠪᠣᠯᠵᠤ ᠪᠠᠢ᠌ᠨ᠎ᠠ ᠭᠡᠵᠤ ᠭᠤᠨᠢᠭᠳᠠᠢ ᠶᠠᠷᠢᠵᠤ ᠪᠠᠢ᠌ᠭᠰᠠᠨ ᠨᠢ ᠪᠣᠳᠤᠭᠳᠤᠯᠠ᠃
ᠠᠢ ᠳ᠋ᠠ︕ ᠬᠠᠢ᠌ᠷᠬᠠᠨ ᠮᠢᠨᠢ︕ ᠨᠤᠳᠤᠭ ᠣᠰᠤᠨ ᠤ ᠮᠢᠨᠢ ᠣᠩᠭ᠋ᠤᠨ ᠰᠠᠭᠢᠭᠤᠰᠤ ᠮᠢᠨᠢ︕ ᠭᠡᠨ ᠳᠠᠨ ᠢ ᠢᠩᠭᠢᠵᠤ ᠬᠠᠢ᠌ᠷ᠎ᠠ ᠨᠠᠢ᠌ᠷ ᠦᠭᠡᠶ ᠡᠪᠳᠡᠵᠤ ᠰᠥᠢᠦᠡᠭᠡᠪᠡ︖ ᠨᠤᠳᠤᠭ ᠤᠨ ᠮᠠᠯᠴᠢᠳ ᠦᠦ︖ ᠡᠰᠡᠭᠦᠯ᠎ᠡ ᠭᠡᠨ ᠪᠣᠢ︖
ᠪᠢ ᠴᠢᠯᠠᠭᠤᠳᠤ ᠳᠠᠪᠠᠭᠠᠨ ᠳᠡᠭᠡᠷ᠎ᠡ ᠪᠠᠨ ᠣᠳᠠᠳᠠᠯ᠎ᠠ ᠵᠤᠭᠰᠤᠪᠠ᠃ ᠶᠠᠮᠠᠷ ᠪᠣᠯᠤᠭᠰᠠᠨ ᠴᠤ ᠳᠠ ᠨᠤᠳᠤᠭ ᠤᠨ ᠮᠢᠨᠢ ᠨᠢᠭᠡᠨ ᠭᠡᠰᠡᠭ᠌ ᠪᠣᠯᠬᠤᠷ ᠦᠷ᠎ᠡ ᠨᠢ ᠪᠣᠯᠤᠭᠰᠠᠨ ᠪᠢ ᠳᠠᠨ ᠢ ᠪᠠᠨ ᠶᠠᠮᠠᠷ ᠪᠠᠢ᠌ᠭᠰᠠᠨ ᠴᠤ ᠰᠠᠤᠠᠭᠢᠯ ᠤᠨ ᠭᠦᠨ ᠳᠤ ᠪᠠᠨ ᠬᠠᠢ᠌ᠷᠠᠯᠠᠨ ᠳᠡᠭᠡᠵᠢᠯᠡᠨᠡ᠃ ᠬᠤᠵᠢᠮ ᠪᠢ ᠬᠠᠮᠢᠭ᠎ᠠ ᠶᠠᠪᠣᠭᠰᠠᠨ ᠴᠤ ᠳᠠᠨ ᠤ ᠪᠠᠨ ᠣᠩᠭ᠋ᠤᠨ ᠳᠦᠷᠭᠦ ᠶᠢ ᠡᠭᠦᠷᠢᠳᠡ ᠰᠠᠨᠠᠵᠤ ᠰᠠᠨᠠᠭᠠᠯᠵᠠᠵᠤ ᠶᠠᠪᠣᠨ᠎ᠠ ᠳ᠋ᠠ᠃
ᠪᠢ ᠡᠮᠵᠡᠭᠯᠡᠨ ᠭᠤᠨᠢᠭᠰᠠᠨ ᠰᠠᠤᠠᠭᠢᠯ ᠶᠢᠡᠷ ᠰᠢᠷᠬᠠᠯᠠᠨ ᠰᠢᠨᠠᠯᠤᠭ᠎ᠠ ᠴᠢᠯᠠᠭᠤᠳᠤ ᠳᠠᠪᠠᠭᠠᠨ ᠤ ᠪᠠᠨ ᠬᠠᠯᠠᠭᠤᠨ ᠭᠦᠷᠦᠰᠤᠨ ᠳᠡᠭᠡᠭᠦᠷ ᠭᠡᠷ ᠵᠥᠭ᠌ ᠶᠢᠡᠨ ᠭᠣᠢ᠌ᠭᠤᠷᠠᠯᠠ᠃ ᠭᠡᠳᠤᠨ ᠭᠠᠵᠠᠷ ᠤᠨ ᠠᠯᠤᠰ ᠮᠠᠨ ᠤ ᠠᠢ᠌ᠯ ᠤᠨ ᠪᠠᠷ᠎ᠠ ᠰᠦᠮᠠᠢ᠌ᠨ ᠪᠦᠷᠳᠣᠢ᠌ᠨᠠ᠃ ᠠᠢ᠌ᠯ ᠭᠡᠷ ᠤᠨ ᠮᠢᠨᠢ ᠠᠮᠢᠳᠤᠷᠠᠯ ᠠᠬᠤᠢ ᠴᠤ ᠶᠠᠮᠠᠷ ᠪᠣᠯᠤᠭᠠᠤᠨ ᠪᠠᠢ᠌ᠭ᠎ᠠ ᠪᠣᠢ ᠡ︖ ᠪᠢ ᠦᠪᠡᠷ ᠤᠨ ᠡᠷᠭᠡ ᠦᠭᠡᠶ ᠡᠷᠭᠢᠨ ᠬᠠᠷᠠᠯ᠎ᠠ᠃ ᠴᠢᠯᠠᠭᠤᠳᠤ ᠳᠠᠪᠠᠭᠠᠨ ᠤ ᠦᠷᠦᠴᠠ ᠡᠴᠡ ᠨᠠᠷᠢᠨ ᠳᠤᠭᠤᠰᠤ ᠳᠡᠭ᠍ᠳᠡᠰᠭᠢᠨ ᠬᠠᠷᠠᠭᠳᠠᠨ᠎ᠠ᠃ ᠳᠠᠷᠠ ᠳᠤᠭᠤᠰᠤ ᠨᠢ ᠴᠢᠯᠠᠭᠤᠳᠤ ᠳᠠᠪᠠᠭᠠᠨ ᠤ ᠮᠢᠨᠢ ᠰᠢᠷᠬᠠᠯᠠᠭᠰᠠᠨ ᠴᠤᠭᠴᠠᠰ ᠡᠴᠡ ᠰᠢᠪᠠᠷᠠᠨ ᠪᠠᠢ᠌ᠭ᠎ᠠ ᠳᠤᠰᠤᠯ ᠳᠤᠰᠤᠯ ᠴᠢᠰᠤᠨ ᠤ ᠠᠭᠤᠷᠰᠢᠯ ᠴᠤ ᠶᠤᠮ ᠦᠦ︖ ᠠᠢ᠂ ᠭᠦᠭᠡᠷᠦᠭᠦᠢ᠂ ᠴᠢᠯᠠᠭᠤᠳᠤ ᠳᠠᠪᠠᠭ᠎ᠠ ᠮᠢᠨᠢ ᠡ︕ ᠮᠢᠨᠤ ᠬᠠᠢ᠌ᠷᠠᠳᠠᠢ ᠨᠤᠳᠤᠭ ᠣᠰᠤ ᠮᠢᠨᠢ︕
ᠵᠤᠬᠢᠶᠠᠭᠴᠢ : ᠴᠢᠪᠠᠭ᠎ᠠ ᠮᠤᠩᠭ᠋ᠤᠯ ᠦᠨᠳᠦᠰᠦᠳᠠᠨ ᠤ ᠳᠤᠮᠳᠠᠳᠤ ᠰᠤᠷᠭᠠᠭᠤᠯᠢ ᠶᠢᠨ 8.12 ᠵᠢᠨ ᠣᠷᠢᠬᠠᠨ
ᠵᠢᠯᠤᠭᠤᠳᠤᠭᠰᠠᠨ ᠪᠠᠭᠰᠢ : ᠳᠡᠭᠦᠰ
ᠵᠤᠬᠢᠶᠠᠭᠴᠢ᠄ ᠣᠷᠢᠬᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠷᠤᠭᠴᠢ ᠶᠢᠨ ᠳᠠᠪᠴᠠᠩᠳᠠᠷᠤᠮ᠄ 3779
ᠴᠠᠭ᠄ 2008 ᠤᠨ ᠤ 12 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ