ᠨᠡᠪᠲᠡᠷᠡᠨ ᠤᠷᠤᠬᠤ
ᠭᠡᠪ ᠴᠢᠨᠠᠷ ᠤᠨ ᠰᠤᠷᠭᠠᠨ ᠭᠦᠮᠦᠵᠢᠯ ᠢ ᠭᠢᠴᠢᠶᠡᠯᠯᠡᠭᠡ ᠳᠤ ᠭᠡᠷᠭᠢᠨ ᠠᠭᠤᠰᠬᠠᠬᠤ ᠳᠤᠬᠠᠢ

ᠭᠡᠪ ᠴᠢᠨᠠᠷ ᠤᠨ ᠰᠤᠷᠭᠠᠨ ᠭᠦᠮᠦᠵᠢᠯ ᠦᠷᠨᠢᠵᠤ ᠪᠠᠢ᠌ᠭ᠎ᠠ ᠦᠨᠦᠳᠤᠷ ᠤᠨ ᠮᠦᠴᠡ ᠳᠤ ᠨᠢᠭᠡᠨ ᠴᠠᠭ ᠤᠨ ᠭᠢᠴᠢᠶᠡᠯᠯᠡᠭᠡ ᠡᠴᠠ ᠡᠭᠢᠯᠡᠨ ᠵᠢᠭᠠᠨ ᠰᠤᠷᠭᠠᠬᠤ ᠠᠷᠭ᠎ᠠ ᠪᠠᠷᠢᠯ ᠶᠢᠡᠨ ᠥᠭᠡᠷᠡᠴᠢᠯᠡᠨ ᠰᠠᠢ᠌ᠵᠢᠷᠠᠭᠤᠯᠵᠤ ᠶᠠᠭᠠᠭᠢᠪᠠᠯ ᠰᠠ‍‌ᠶᠢ ᠰᠤᠷᠤᠭᠴᠢᠳ ᠤᠨ ᠪᠠᠢ᠌ᠳᠠᠯ ᠳᠤ ᠨᠡᠢ᠌ᠴᠡᠭᠦ᠂ ᠤᠷᠮ᠎ᠡ ᠰᠡᠳᠬᠢᠯᠭᠡ ᠶᠢ ᠨᠢ ᠭᠦᠭ᠍ᠵᠢᠭᠡᠵᠤ ᠳᠡᠢ᠌ᠯᠭᠦ᠂ ᠲ᠋ᠡᠳᠡᠨᠡᠷ ᠤᠨ ᠭᠦᠯᠢᠶᠡᠨ ᠠᠪᠬᠤ ᠴᠢᠳᠠᠪᠣᠷᠢ ᠳ᠋ᠤᠨᠢ ᠵᠤᠭᠢᠴᠠᠭᠤᠯᠤᠨ ᠳᠠᠳᠠᠨᠠᠷ ᠤᠨ ᠪᠦᠳᠦᠭᠡᠯᠴᠢ ᠴᠢᠳᠡᠪᠦᠷᠢ᠂ ᠰᠡᠳᠭᠢᠭᠦ ᠴᠢᠳᠠᠪᠣᠷᠢ ᠶᠢ ᠨᠢ ᠪᠠᠳᠠᠷᠠᠭᠤᠯᠵᠤ᠂ ᠣᠶᠤᠠᠴᠢ ᠰᠡᠳᠬᠢᠯᠭᠡ ᠶᠢ ᠨᠢ ᠠᠮᠢᠵᠢᠷᠠᠯ ᠤᠨ ᠭᠦᠴᠤᠨ ᠶᠢᠡᠷ ᠴᠢᠩᠭ᠋᠎ᠠ ᠪᠣᠯᠭᠠᠵᠤ ᠳᠡᠢ᠌ᠯᠭᠦ ᠪᠣᠢ ︖ ᠶᠠᠭᠠᠭᠢᠪᠠᠯ ᠰᠠ‍‌ᠶᠢ 《ᠰᠤᠷᠴᠤ ᠳᠡᠢ᠌ᠯᠭᠦ ᠦᠭᠡᠶ ᠰᠤᠷᠤᠭᠴᠢ ᠭᠡᠵᠤ ᠪᠠᠢ᠌ᠬᠤ ᠦᠭᠡᠶ᠂  ᠵᠢᠭᠠᠵᠤ ᠴᠢᠳᠠᠬᠤ ᠦᠭᠡᠶ ᠪᠠᠭᠰᠢ ᠪᠠᠢ᠌ᠬᠤ ᠡᠴᠠ ᠪᠢᠰᠢ》 ᠭᠡᠳᠡᠭ᠌ ᠭᠡᠵᠢᠶᠡᠨ ᠡᠴᠠ ᠭᠡᠯᠡᠭ᠍ᠰᠡᠭᠡᠷ ᠢᠷᠡᠭ᠍ᠰᠡᠨ ᠭᠡᠯᠡᠯᠭᠡ ᠶᠢᠨ ᠦᠨᠡᠨ ᠢ ᠪᠠᠳᠤᠯᠠᠵᠤ ᠳᠡᠢ᠌ᠯᠭᠦ ᠪᠣᠢ ᠭᠡᠭᠦ ᠮᠠᠳᠤ ᠶᠢᠨ ᠠᠰᠠᠭᠤᠳᠠᠯ ᠨᠢ ᠪᠠᠭᠰᠢ ᠪᠣᠯᠤᠭᠰᠠᠨ ᠮᠠᠨᠤᠰ ᠤᠨ ᠭᠡᠷᠭᠢᠨ ᠣᠢ᠌ᠯᠠᠭᠠᠵᠤ᠂ ᠠᠷᠭ᠎ᠠ ᠠᠪᠴᠢᠯ ᠠᠪᠬᠤ ᠶᠢ ᠭᠦᠯᠢᠶᠡᠵᠤ ᠪᠠᠢ᠌ᠭ᠎ᠠ᠃

ᠡᠨᠡ ᠭᠦ ᠪᠠᠢ᠌ᠳᠠᠯ ᠳᠤ ᠴᠢᠭᠯᠡᠭᠦᠯᠤᠨ ᠡᠡᠭ᠌ ᠳᠡᠷᠢᠭᠦᠨ ᠳᠤ ᠪᠢᠳᠡ᠂ ᠨᠢᠭᠡᠨ ᠳᠦᠴᠢᠨ ᠮᠢᠨᠦ᠋ᠲ ᠤᠨ ᠭᠢᠴᠢᠶᠡᠯᠯᠡᠭᠡ ᠡᠴᠠ ᠡᠭᠢᠯᠡᠨ ᠭᠠᠷ ᠣᠷᠤᠬᠤ ᠭᠡᠷᠡᠭ᠍ᠳᠡᠢ᠃ ᠲ᠋ᠦᠦᠷ᠎ᠡ ᠪᠢ ᠦᠪᠡᠷ ᠤᠨ ᠪᠣᠯᠤᠨ᠎ᠠ ᠭᠡᠵᠤ ᠪᠣᠳᠤᠭᠰᠠᠨ᠂ ᠥᠭᠡᠷᠡᠴᠢᠯᠡᠨ ᠰᠢᠨᠠᠴᠢᠯᠠᠵᠤ ᠪᠣᠯᠬᠤ ᠭᠡᠳᠤᠨ ᠳᠠᠯ᠎ᠠ ᠶᠢ ᠳᠦᠷᠡᠳᠦᠶ᠎ᠡ᠃ ᠡᠨᠡ ᠨᠢ ᠵᠥᠪᠭᠡᠨ ᠮᠢᠨᠤ ᠬᠤᠷᠢᠨ ᠭᠡᠳᠤᠨ ᠵᠢᠯ ᠠᠢ᠌ᠯ ᠤᠨ ᠬᠡᠦᠬᠡᠳ ᠤᠳ ᠲᠤ ᠠᠯᠢ ᠴᠢᠳᠠᠯ ᠶᠢᠡᠷ ᠶᠢᠡᠨ ᠣᠢ᠌ᠯᠠᠴᠢᠯᠠᠶ᠎ᠠ᠂ ᠲ᠋ᠤᠰᠠᠯᠠᠶ᠎ᠠ ᠭᠡᠵᠤ ᠳᠤᠷᠰᠢᠵᠤ ᠴᠢᠷᠮᠠᠢ᠌ᠵᠤ ᠢᠷᠡᠭ᠍ᠰᠡᠨ ᠰᠡᠳᠭᠢᠯ ᠤᠨ ᠮᠢᠨᠢ ᠰᠥ᠋ ᠪᠢᠯᠢᠤ ⁉

ᠲ᠋ᠡᠭᠡᠪᠠᠯ ᠡᠡᠭ᠌ ᠳᠡᠷᠢᠭᠦᠨ ᠳᠤ ᠨᠢᠭᠡ ᠭᠢᠴᠢᠶᠡᠯᠯᠡᠭᠡ ᠪᠠᠷ ᠪᠣᠳᠤᠪᠠᠯ ᠭᠢᠴᠢᠶᠠᠯ ᠡᠭᠢᠯᠡᠭᠦ ᠭᠡᠳᠡᠭ᠌ ᠪᠣᠯ ᠨᠢᠭᠡᠨ ᠭᠢᠴᠢᠶᠡᠯᠯᠡᠭᠡ ᠳᠤ ᠵᠠᠩᠭᠢᠯᠠᠭ᠎ᠠ ᠶᠢᠨ ᠴᠢᠨᠠᠷᠳᠠᠢ ᠣᠢ᠌ᠯᠠᠳᠤᠯ ᠥᠵᠡᠭᠦᠯᠤᠨ᠎ᠡ ᠭᠡᠵᠤ ᠪᠢ ᠦᠵᠡᠨ᠎ᠡ᠂ ᠣᠴᠢᠷ ᠨᠢ ᠭᠢᠴᠢᠶᠠᠯ ᠡᠭᠢᠯᠡᠮᠡᠭ᠍ᠴᠡ ᠰᠤᠷᠤᠭᠴᠢᠳ ᠤᠨ ᠰᠡᠳᠭᠢᠯ ᠢ ᠳᠦᠪᠯᠡᠷᠡᠭᠦᠯᠤᠨ ᠠᠪᠴᠢᠷᠠᠵᠤ ᠳᠡᠢ᠌ᠯᠭᠦ ᠦᠭᠡᠶ ᠪᠣᠯ ᠪᠢᠳᠠ ᠡᠨᠡ ᠭᠦ ᠭᠢᠴᠢᠶᠡᠯᠯᠡᠭᠡ ᠶᠢ ᠶᠠᠮᠠᠷ ᠰᠠᠢ᠌ᠨ ᠶᠠᠷᠢᠵᠤ ᠳᠠᠢ᠌ᠯᠪᠣᠷᠢᠯᠠᠯ᠎ᠠ ᠭᠡᠳ ᠳᠠᠷᠠ ᠨᠢ ᠴᠦᠮ ᠳᠠᠯᠠᠭᠠᠷ ᠬᠤᠭᠤᠯᠠᠢ ᠪᠣᠯᠪᠠᠰᠤᠷᠠᠭᠰᠠᠨ ᠶᠠᠪᠣᠳᠠᠯ ᠪᠣᠯᠴᠢᠬᠠᠨ᠎ᠠ᠃ ᠨᠠᠩ ᠢᠯᠠᠩᠭ᠋ᠤᠶ᠎ᠠ ᠣᠯᠠᠩᠭᠢ ᠪᠠᠢ᠌ᠳᠠᠯ ᠳᠤ ᠭᠢᠴᠢᠶᠠᠯ ᠳᠡᠭᠡᠷ᠎ᠡ ᠰᠠᠨᠠᠭ᠎ᠠ ᠨᠢ ᠪᠠᠢ᠌ᠬᠤ ᠦᠭᠡᠶ ᠪᠠᠢ᠌ᠳᠠᠭ ᠰᠤᠷᠤᠭᠴᠢ ᠶᠢ ᠰᠡᠳᠭᠢᠯ ᠰᠠᠨᠠᠭ᠎ᠠ ᠶᠢ ᠨᠢ ᠳᠠᠳᠠᠨ ᠠᠪᠬᠤ ᠭᠡᠳᠡᠭ᠌ ᠳᠠᠢ᠌ᠮᠤ ᠠᠮᠠᠷᠬᠠᠨ ᠪᠢᠰᠢ ᠶ‍ᠦᠮ᠃ ᠭᠡᠷᠪᠡ ᠡᠨᠡ ᠭᠦ ᠠᠰᠠᠭᠤᠳᠠᠯ ᠢ ᠰᠢ᠌ᠤᠠᠪᠣᠷᠢᠯᠠᠵᠤ ᠳᠠᠢ᠌ᠯᠪᠠᠯ ᠪᠣᠰᠤᠳ ᠡᠴᠠ ᠬᠤᠴᠤᠷᠴᠤ ᠪᠠᠢ᠌ᠭ᠎ᠠ ᠰᠤᠷᠤᠭᠴᠢ ᠶᠢ ᠳᠠᠪᠰᠢᠩᠭ᠋ᠤᠢ ᠰᠤᠷᠤᠭᠴᠢ ᠪᠣᠯᠭᠠᠨ ᠭᠦᠮᠦᠵᠢᠭᠦᠯᠭᠦ ᠶᠢᠨ ᠵᠠᠩᠭᠢᠯᠠᠭ᠎ᠠ ᠶᠢᠨ ᠠᠯᠬᠤᠮ ᠢ ᠨᠢ ᠠᠯᠬᠤᠭᠰᠠᠨ ᠭᠡᠵᠤ ᠦᠵᠡᠵᠤ ᠪᠣᠯᠤᠨ᠎ᠠ᠃

ᠲ᠋ᠡᠭᠡᠪᠠᠯ ᠭᠢᠴᠢᠶᠠᠯ ᠡᠭᠢᠯᠡᠭᠦ ᠠᠷᠭ᠎ᠠ ᠠᠪᠴᠠᠯ ᠳᠤᠳᠤᠷ᠎ᠠ ᠣᠯᠠᠨ ᠵᠣᠢ᠌ᠯ ᠪᠠᠢ᠌ᠬᠤ ᠮᠦᠷᠳᠡᠭᠡᠨ ᠳᠠᠷᠠ ᠨᠢ ᠳᠤᠭᠳᠠᠭᠰᠠᠨ ᠥᠭᠦᠮᠡᠯ ᠳᠦᠷᠢᠮ ᠭᠤᠷᠢᠮ ᠰᠢᠭ ᠪᠢᠰᠢ ᠬᠠᠷᠢᠨ ᠪᠠᠢ᠌ᠳᠠᠯ ᠢ ᠦᠵᠡᠨ ᠰᠠᠳᠭᠢᠨ ᠪᠣᠳᠤᠵᠤ ᠡᠷᠢᠨ ᠰᠥᠪᠠᠭ᠍ᠴᠢᠯᠡᠭᠦ ᠠᠰᠠᠭᠤᠳᠠᠯ ᠪᠤᠯᠤᠨ᠎ᠠ᠃ ᠡᠭᠦᠨ ᠳᠤ ᠪᠠᠢ᠌ᠳᠠᠯ ᠢ ᠦᠵᠡᠨ᠎ᠡ ᠭᠡᠳᠡᠭ᠌ ᠨᠢ ᠰᠤᠷᠤᠭᠴᠢ ᠶᠢᠨ ᠪᠠᠢ᠌ᠳᠠᠯ᠂ ᠣᠷᠴᠢᠨ ᠳᠤᠭᠤᠷᠢᠨ ᠂ ᠰᠤᠷᠤᠭᠴᠢ ᠶᠢᠨ ᠣᠷᠮ᠎ᠠ ᠰᠡᠳᠬᠢᠯᠭᠡ ᠴᠦᠮ ᠪᠠᠭᠳᠠᠨ᠎ᠠ᠃ ᠰᠤᠷᠤᠭᠴᠢᠳ ᠤᠨ ᠰᠠᠨᠠᠭ᠎ᠠ ᠰᠡᠳᠭᠢᠯ ᠢ ᠭᠢᠴᠢᠶᠡᠯᠯᠡᠭᠡ ᠳᠡᠭᠡᠷ᠎ᠡ ᠳᠦᠪᠯᠡᠷᠡᠭᠦᠯᠤᠨ ᠠᠪᠴᠢᠷᠠᠵᠤ ᠳᠡᠢ᠌ᠯᠳᠡᠭ᠌ ᠯᠠ ᠶᠤᠮ ᠪᠣᠯ ᠠᠩᠬ᠎ᠠ ᠠᠯᠬᠤᠮ ᠠᠮᠵᠢᠯᠳᠠ ᠣᠯᠤᠭᠰᠠᠨ ᠶᠠᠪᠣᠳᠠᠯ ᠪᠣᠯᠤᠨ᠎ᠠ᠃

ᠣᠷᠢᠳᠠᠪᠠᠷ ᠭᠢᠴᠢᠶᠠᠯ ᠡᠭᠢᠯᠡᠭᠦ ᠳᠠᠯ᠎ᠠ ᠡᠴᠠ ᠶᠠᠷᠢᠪᠠᠯ᠂ ᠵᠢᠱᠢᠶᠠᠯᠠᠪᠠᠯ ᠮᠤᠩᠭ᠋ᠤᠯ ᠭᠡᠯᠡᠨ ᠤ ᠭᠢᠴᠢᠶᠠᠯ ᠳᠤ ᠪᠣᠯ ᠳᠦᠭᠦᠮ ᠵᠢᠷᠤᠭ ᠶᠢᠡᠷ ᠭᠢᠴᠢᠶᠠᠯ ᠡᠭᠢᠯᠡᠵᠤ ᠪᠣᠯᠤᠨ᠎ᠠ᠃ 《ᠬᠤᠭᠤᠰᠤᠨ ᠥᠭᠡ ᠳᠤᠳᠠᠭᠤ ᠶᠠᠷᠢ》 ᠭᠡᠳᠡᠭ᠌ ᠭᠢᠴᠢᠶᠠᠯ ᠢ ᠵᠢᠭᠠᠬᠤ ᠪᠠᠷ ᠪᠣᠳᠤᠪᠠᠯ᠂ ᠰᠤᠷᠤᠭᠴᠢᠳ ᠢ ᠭᠦᠭ᠍ᠵᠢᠭᠡᠨ ᠣᠬᠠᠭᠤᠯᠵᠤ ᠭᠦᠮᠤᠨ ᠤ ᠪᠠᠶ᠎ᠠ ᠶᠢᠨ ᠳᠤᠯᠤᠭᠠᠢ ᠶᠢᠨ ᠭᠡᠰᠡᠭ᠌ ᠤᠨ ᠡᠷᠭᠡᠳᠡᠨ ᠤ ᠳᠦᠭᠦᠮ ᠵᠢᠷᠤᠭ ᠢ ᠵᠢᠷᠤᠭᠤᠯᠵᠤ ᠭᠢᠴᠢᠶᠠᠯ ᠡᠭᠢᠯᠡᠵᠤ ᠪᠣᠯᠤᠨ᠎ᠠ᠂ ᠪᠣᠳᠠᠳᠠᠢ ᠪᠠᠷ ᠶᠠᠷᠢᠪᠠᠯ ᠪᠠᠭᠰᠢ ᠡᠴᠠ ᠢᠨᠢᠶᠡᠮᠰᠦᠩᠭᠦᠢ ᠴᠢᠷᠠᠢ ᠪᠠᠷ 《ᠭᠡᠨ ᠵᠤᠷᠢᠭᠳᠠᠢ ᠪᠠᠷ ᠰᠠᠮᠪᠠᠷ᠎ᠠ ᠳᠤ ᠭᠠᠷᠴᠤ᠂ ᠭᠦᠮᠤᠨ ᠤ ᠪᠠᠶ᠎ᠠ ᠶᠢᠨ ᠳᠤᠯᠤᠭᠠᠢ ᠶᠢᠨ ᠭᠡᠰᠡᠭ᠌ ᠤᠨ ᠡᠷᠭᠡᠳᠡᠨ ᠤ ᠵᠢᠷᠤᠭ ᠢ ᠵᠢᠷᠤᠨ᠎ᠠ ᠪᠣᠢ ︖》 ᠭᠡᠵᠤ ᠠᠰᠠᠭᠤᠨ᠎ᠠ ᠃ ᠶᠠᠷᠢᠶᠠᠨ ᠦᠭᠡᠶ ᠣᠯᠠᠩᠭᠢ ᠨᠥᠭᠦᠤᠨ ᠭᠢᠴᠢᠶᠠᠵᠤ᠂ ᠠᠶᠤᠵᠤ ᠳᠠᠳᠠᠭᠠᠯᠵᠠᠨ ᠪᠠᠢ᠌ᠬᠤ ᠥᠵᠡᠭ᠍ᠳᠡᠯ ᠭᠠᠷᠦᠨ᠎ᠡ᠂ ᠡᠨᠡ ᠦᠶ᠎ᠡ ᠳᠤ ᠪᠠᠭᠰᠢ ᠡᠴᠠ ᠢᠯᠡᠭᠦᠭᠡᠨ ᠵᠤᠷᠢᠭᠵᠢᠭᠤᠯᠤᠯ ᠥᠭ᠍ᠴᠤ ᠳᠠᠳᠠᠨ ᠢ ᠪᠠᠶ᠎ᠠ ᠳᠡᠭᠡᠨ ᠢᠳᠡᠭᠡᠯ ᠲᠡᠶ ᠪᠠᠢ᠌ᠯᠭᠠᠨ᠎ᠠ᠃ ᠡᠨᠡ ᠦᠶ᠎ᠡ ᠳᠤ ᠯᠠᠪᠳᠠᠢ ᠨᠠᠯᠢᠶᠠᠤᠨ ᠴᠤᠭ ᠵᠤᠯᠢ ᠲᠡᠶ ᠠᠯᠢᠶ᠎ᠠ ᠳᠡᠭ᠍ᠵᠢᠨ ᠰᠤᠷᠤᠭᠴᠢ ᠭᠠᠷ ᠡᠷᠭᠦᠭᠦ ᠨᠢ ᠬᠠᠷᠠᠭᠳᠠᠨ᠎ᠠ᠃ ᠲ᠋ᠡᠭᠡᠪᠠᠯ ᠪᠢᠳᠠ ᠳᠤᠰ ᠰᠤᠷᠤᠭᠴᠢ ᠪᠠᠷ ᠰᠠᠮᠪᠠᠷ᠎ᠠ ᠳᠤ ᠵᠢᠷᠤᠭᠤᠯᠵᠤ᠂ ᠪᠣᠰᠤᠳ ᠰᠤᠷᠤᠭᠴᠢᠳ ᠢ ᠪᠣᠯᠪᠠᠰᠤᠷᠠᠯ ᠤᠨ ᠳᠠᠪᠳᠠᠷ ᠲᠤ ᠵᠢᠷᠤᠬᠤ ᠶᠢ ᠵᠤᠷᠢᠭᠵᠢᠭᠤᠯᠤᠨ ᠣᠬᠠᠭᠤᠯᠤᠨ᠎ᠠ᠃ ᠲ᠋ᠤᠰ ᠵᠢᠷᠤᠭ ᠡᠴᠠ ᠯᠠᠪᠳᠠᠢ ᠰᠤᠷᠤᠭᠴᠢᠳ ᠭᠦᠮᠤᠨ ᠳᠤ ᠬᠤᠶᠠᠷ ᠨᠢᠳᠤ᠂ ᠬᠤᠶᠠᠷ ᠴᠢᠭᠢ᠂ ᠭᠠᠭᠴᠠ ᠠᠮᠠ ᠲᠡᠶ ᠭᠡᠳᠡᠭ᠌ ᠢ ᠪᠣᠯᠢᠶᠠᠯᠳᠤᠨ ᠶᠡᠷᠢᠨ᠎ᠡ᠂ ᠡᠭᠦᠨ ᠡᠴᠠ ᠰᠦᠪᠡᠪᠴᠢᠯᠠᠨ ᠪᠢᠳᠠ ᠰᠢᠨ᠎ᠡ ᠭᠢᠴᠢᠶᠠᠯ ᠳᠤ ᠭᠦᠳᠦᠯᠤᠨ ᠣᠷᠤᠵᠤ ᠪᠣᠯᠤᠨ᠎ᠠ᠃ ᠲ᠋ᠠᠷᠠᠭᠠᠴᠢ ᠶᠢᠨ ᠠᠭᠤᠯᠭ᠎ᠠ ᠶᠢᠨ ᠵᠠᠳᠠᠯᠤᠯᠳᠠ ᠳᠤ ᠴᠤ ᠰᠠᠭᠤᠷᠢ ᠪᠣᠯᠵᠤ ᠪᠣᠯᠤᠨ᠎ᠠ᠃

ᠪᠠᠰᠠ ᠨᠢᠭᠡ ᠵᠣᠢ᠌ᠯ ᠤᠨ ᠭᠢᠴᠢᠶᠠᠯ ᠡᠭᠢᠯᠡᠭᠦ ᠠᠷᠭ᠎ᠠ ᠭᠡᠪᠠᠯ᠄ ᠶᠠᠷᠢᠯᠴᠠᠭᠠᠨ ᠤ ᠭᠡᠯᠪᠠᠷᠢ ᠪᠠᠷ ᠭᠢᠴᠢᠶᠠᠯ ᠶᠢᠡᠨ ᠡᠭᠢᠯᠡᠵᠤ ᠪᠤᠯᠤᠨ᠎ᠠ᠂ ᠡᠡᠭ᠌ ᠳᠡᠷᠢᠭᠦᠨ ᠳᠤ ᠰᠤᠷᠤᠭᠴᠢᠳ ᠲᠡᠶ ᠨᠥᠭᠦᠷᠰᠡᠭ᠌ ᠶᠠᠷᠢᠯᠴᠠᠭ᠎ᠠ ᠡᠭᠢᠯᠡᠭᠦᠯᠭᠦ ᠠᠷᠭ᠎ᠠ ᠪᠠᠷ ᠳᠠᠮᠵᠢᠨ ᠶᠠᠷᠢᠯᠴᠠᠭᠠᠨ ᠤ ᠳᠤᠮᠳᠠᠭᠢ ᠭᠤᠤᠯ ᠴᠢᠬᠤᠯᠠ ᠥᠭᠡ ᠡᠴᠠ ᠡᠰᠢ ᠳᠠᠳᠠᠨ ᠭᠢᠴᠢᠶᠠᠯ ᠳᠤ ᠭᠦᠳᠦᠯᠤᠨ᠎ᠡ᠃ ᠡᠭᠦᠨ ᠳᠤ ᠭᠤᠤᠯ ᠴᠢᠬᠤᠯᠠ ᠥᠭᠡ ᠭᠡᠳᠡᠭ᠌ ᠨᠢ ᠳᠠᠷᠤᠢ ᠰᠤᠷᠬᠤ ᠭᠢᠴᠢᠶᠠᠯ ᠤᠨ ᠠᠭᠤᠯᠭ᠎ᠠ ᠲᠡᠶ ᠬᠠᠮᠢᠶᠠᠳᠠᠬᠤ ᠶᠢ ᠭᠡᠯᠡᠨ᠎ᠡ᠂ ᠵᠢᠱᠢᠶᠡᠯᠡᠪᠠᠯ 《ᠰᠠᠢ᠌ᠨ ᠨᠠᠢ᠌ᠵᠠ》 ᠭᠡᠭᠦ ᠭᠢᠴᠢᠶᠠᠯ ᠢ ᠵᠢᠭᠠᠬᠤ ᠳᠤ ᠡᠡᠭ᠌ ᠳᠡᠷᠢᠭᠦᠨ ᠳᠤ ᠰᠤᠷᠤᠭᠴᠢᠳ ᠲᠡᠶ ᠨᠠᠢ᠌ᠵᠠ ᠶᠢᠨ ᠳᠤᠬᠠᠢ ᠶᠠᠷᠢᠯᠴᠠᠭᠠᠨ ᠢ ᠡᠭᠦᠰᠭᠡᠨ᠎ᠡ᠃ ᠭᠡᠭᠦ ᠳᠡᠭᠡᠨ ᠴᠢᠨᠤ ᠨᠠᠢ᠌ᠵᠠ ᠭᠡᠵᠤ ᠦᠵᠡᠵᠤ ᠪᠠᠢ᠌ᠭ᠎ᠠ ᠭᠦᠮᠤᠨ ᠴᠢᠨᠢ ᠦᠪ ᠥᠨᠡᠭᠡᠷ ᠴᠢᠨᠤ ᠰᠠᠢ᠌ᠨ ᠨᠠᠢ᠌ᠵᠠ ᠮᠦᠨ ᠦᠦ ︖ ᠭᠡᠳᠡᠭ᠌ ᠠᠰᠠᠭᠤᠯᠳᠠ ᠡᠴᠠ ᠰᠥᠪᠠᠭ᠍ᠴᠢ ᠠᠪᠤᠨ᠂ 《ᠳᠤᠤᠷ᠎ᠠ ᠪᠢᠳᠠ ᠨᠢᠭᠡ ᠵᠤᠬᠢᠶᠠᠯ ᠢ ᠣᠩᠰᠢᠨ ᠵᠤᠬᠢᠶᠠᠯ ᠳᠤ ᠢᠯᠡᠷᠡᠭᠦ ᠣᠢ᠌ᠯᠠ ᠶᠠᠪᠣᠳᠠᠯ ᠨᠢ ᠴᠤᠬᠤᠮ ᠰᠠᠢ᠌ᠨ ᠨᠠᠢ᠌ᠵᠠ ᠶᠢᠨ ᠬᠠᠪᠰᠤᠷᠤᠯᠴᠠᠭ᠎ᠠ ᠮᠦᠨ ᠦᠦ ᠭᠡᠳᠡᠭ᠌ ᠢ ᠦᠵᠡᠶ᠎ᠠ ︕》 ᠭᠡᠳ ᠰᠢᠨ᠎ᠡ ᠰᠤᠷᠬᠤ ᠭᠢᠴᠢᠶᠠᠯ ᠳᠤ ᠰᠢᠮᠠᠳᠤᠨ ᠤᠷᠦᠨ᠎ᠡ᠃ ᠡᠨᠡ ᠮᠠᠳᠤ ᠶᠢᠨ ᠠᠷᠭ᠎ᠠ ᠨᠢ ᠰᠤᠷᠤᠭᠴᠢᠳ ᠢ ᠦᠪᠡᠷ ᠤᠨ ᠡᠷᠭᠡ ᠦᠭᠡᠶ ᠰᠡᠳᠭᠢᠯ ᠰᠠᠨᠠᠭ᠎ᠠ ᠶᠢ ᠨᠢ ᠭᠢᠴᠢᠶᠠᠯ ᠳᠤ ᠭᠦᠳᠦᠯᠤᠨ ᠣᠷᠤᠭᠤᠯᠬᠤ ᠪᠣᠯᠤᠨ᠎ᠠ᠃

ᠲ᠋ᠠᠭᠢᠪᠠᠯ ᠭᠢᠴᠢᠶᠠᠯ ᠤᠨ ᠭᠠᠷᠴᠠᠭ ᠡᠴᠠ ᠡᠰᠢ ᠳᠠᠳᠠᠬᠤ ᠠᠷᠭ᠎ᠠ ᠪᠣᠯᠤᠨ᠎ᠠ᠂ ᠲ᠋ᠤᠰ ᠠᠷᠭ᠎ᠠ ᠨᠢ ᠳᠠᠷᠤᠢ ᠰᠢᠨ᠎ᠡ ᠰᠤᠷᠬᠤ ᠭᠢᠴᠢᠶᠠᠯ ᠤᠨ ᠭᠠᠷᠴᠠᠭ ᠡᠴᠠ ᠵᠤᠭᠢᠰᠳᠠᠢ ᠨᠢᠭᠡᠨ ᠥᠭᠡ ᠶᠢ ᠣᠷᠢᠳᠠᠪᠠᠷ ᠪᠠᠭᠰᠢ ᠡᠴᠠ ᠰᠤᠩᠭ᠋ᠤᠨ ᠪᠡᠯᠡᠳᠭᠡᠵᠤ ᠭᠢᠴᠢᠶᠠᠯ ᠡᠭᠢᠯᠡᠭᠦ ᠳᠤ ᠭᠡᠷᠡᠭᠯᠡᠭᠦ ᠶᠢ ᠭᠡᠯᠡᠨ᠎ᠡ᠃ ᠵᠢᠱᠢᠶᠡᠯᠡᠪᠠᠯ 《ᠮᠤᠳᠤᠨ ᠤ ᠨᠠᠪᠴᠢ ᠶᠠᠭᠠᠭᠢᠭᠠᠤᠨ ᠨᠠᠮᠤᠷ ᠰᠢᠷᠠᠯᠠᠳᠠᠭ ᠪᠣᠢ》 ᠭᠡᠭᠦ ᠵᠤᠬᠢᠶᠠᠯ ᠢ ᠵᠢᠭᠠᠬᠤ ᠳᠠᠭᠠᠨ ᠣᠷᠢᠳᠠᠪᠠᠷ ᠰᠤᠷᠤᠭᠴᠢᠳ ᠡᠴᠠ ᠡᠡᠭ᠌ ᠤᠨ ᠶᠠᠷᠢᠯᠴᠠᠭᠠᠨ ᠤ ᠭᠡᠯᠪᠠᠷᠢ ᠪᠠᠷ ᠣᠳᠤᠭᠢ ᠣᠯᠠᠷᠢᠯ ᠤᠨ ᠨᠠᠷ᠎ᠠ ᠶᠢ ᠭᠡᠯᠡᠭᠦᠯᠤᠨ᠂ ᠡᠨᠡ ᠭᠦ ᠣᠯᠠᠷᠢᠯ ᠪᠣᠯᠵᠤ ᠢᠷᠡᠭᠦ ᠪᠠᠷ ᠭᠠᠳᠠᠨᠠᠭᠢ ᠠᠭᠤᠷ ᠠᠮᠢᠰᠬᠤᠯ᠂ ᠣᠷᠭᠤᠮᠠᠯ ᠮᠤᠳᠤ ᠶᠠᠮᠠᠷ ᠪᠠᠢ᠌ᠳᠠᠯ ᠲᠡᠶ ᠪᠣᠯᠤᠨ ᠬᠤᠪᠢᠷᠠᠬᠤ ᠪᠣᠢ ︖ ᠭᠡᠭᠦ ᠠᠰᠠᠭᠤᠯᠳᠠ ᠳᠤᠷᠡᠳᠦᠨ᠎ᠡ᠃ ᠡᠭᠦᠨ ᠢ ᠰᠤᠷᠤᠭᠴᠢᠳ ᠯᠠᠪᠳᠠᠢ ᠣᠷᠮ᠎ᠠ ᠵᠤᠷᠢᠭ ᠲᠡᠶ ᠪᠠᠷ ᠬᠠᠷᠢᠭᠤᠯᠤᠨ᠎ᠠ᠃ ᠮᠦᠨ ᠴᠤ ᠣᠷᠭᠤᠮᠠᠯ ᠤᠨ ᠬᠤᠪᠢᠷᠠᠯᠳᠠ ᠶᠢ ᠶᠠᠷᠢᠪᠠᠯ ᠡᠡᠭ᠌ ᠳᠡᠷᠢᠭᠦᠨ ᠳᠤ ᠮᠤᠳᠤᠨ ᠤ ᠨᠠᠪᠴᠢ ᠰᠢᠷᠠᠯᠠᠨ ᠣᠨᠠᠬᠤ ᠶᠢ ᠣᠯᠵᠤ ᠭᠡᠯᠡᠵᠤ ᠳᠠᠢ᠌ᠯᠤᠨ᠎ᠡ᠃ ᠢᠩᠭᠢᠪᠠᠯ ᠳᠠᠷᠤᠢ 《ᠮᠤᠳᠤᠨ ᠤ ᠨᠠᠪᠴᠢ ᠶᠠᠭᠠᠭᠢᠭᠠᠤᠨ ᠨᠠᠮᠤᠷ ᠰᠢᠷᠠᠯᠠᠳᠠᠭ ᠪᠣᠢ》 ᠭᠡᠭᠦ ᠰᠢᠨ᠎ᠡ ᠭᠢᠴᠢᠶᠠᠯ ᠤᠨ ᠭᠠᠷᠴᠠᠭ ᠰᠠᠢ᠌ᠬᠠᠨ ᠢᠯᠡᠷᠡᠭᠦ ᠪᠣᠯᠤᠨ᠎ᠠ ᠂ 《ᠳᠠᠢ᠌ᠮᠤ ᠪᠣᠯ ᠪᠢᠳᠠ ᠡᠨᠡ ᠭᠦ ᠠᠰᠠᠭᠤᠯᠳᠠ ᠶᠢᠨ ᠬᠠᠷᠢᠭᠤᠯᠳᠠ ᠶᠢ ᠣᠯᠤᠶ᠎ᠠ》 ᠭᠡᠳ ᠢᠯᠭᠤᠮ ᠰᠠᠢ᠌ᠬᠠᠨ ᠰᠢᠨ᠎ᠡ ᠭᠢᠴᠢᠶᠠᠯ ᠳᠤ ᠠᠭᠤᠰᠤᠨ ᠣᠷᠤᠨ᠎ᠠ᠃ (ᠡ᠊ᠨᠳᠡ ᠳᠤᠳᠤᠷᠬᠠᠢ᠌ᠯᠠᠬᠤ ᠵᠣᠢ᠌ᠯ ᠨᠢ᠄ ᠲ᠋ᠤᠰ ᠭᠠᠷᠴᠠᠭ ᠲᠡᠶ ᠭᠢᠴᠢᠶᠠᠯ ᠨᠢ ᠭᠤᠷᠪᠠᠳᠤᠭᠠᠷ ᠳᠠᠪᠳᠠᠷ ᠲᠤ ᠪᠠᠢ᠌ᠬᠤ ᠣᠴᠢᠷ᠂ ᠲ᠋ᠤᠰ ᠭᠢᠴᠢᠶᠠᠯ ᠢ ᠵᠢᠭᠠᠬᠤ ᠬᠤᠭᠤᠴᠠᠭ᠎ᠠ ᠨᠢ ᠶᠠᠭ ᠰᠠᠢ᠌ᠬᠠᠨ ᠨᠠᠮᠤᠷ ᠤᠨ ᠣᠯᠠᠷᠢᠯ ᠪᠣᠯᠤᠨ᠎ᠠ᠃ )

ᠶᠠᠷᠢᠶᠠᠨ ᠦᠭᠡᠶ ᠭᠢᠴᠢᠶᠠᠯ ᠶᠢᠡᠨ ᠰᠠᠢ᠌ᠬᠠᠨ ᠡᠭᠢᠯᠡᠴᠢᠭᠡᠪᠠᠯ ᠪᠣᠰᠤᠳ ᠵᠣᠢ᠌ᠯ ᠠᠵᠢᠭ ᠦᠭᠡᠶ ᠭᠡᠰᠡᠨ ᠣᠴᠢᠷ ᠪᠢᠰᠢ ᠶ‍ᠦᠮ᠂ ᠡᠨᠡ ᠨᠢ ᠭᠤᠤᠯ ᠭᠢᠴᠢᠶᠡᠯᠯᠡᠭᠡ ᠶᠢᠨ ᠠᠮᠵᠢᠯᠳᠠ ᠳᠤ ᠰᠠᠭᠤᠷᠢ ᠪᠤᠯᠤᠨ᠎ᠠ᠃ ᠲ᠋ᠡᠭᠡᠪᠠᠯ ᠪᠢᠳᠠ ᠳᠠᠷᠠᠭᠠᠴᠢ ᠶᠢᠨ ᠠᠯᠬᠤᠮ ᠳᠠᠷᠠᠭ᠎ᠠ ᠶᠢ ᠭᠡᠷᠭᠢᠨ ᠵᠤᠭᠢᠰᠳᠠᠢ ᠳᠤᠭᠢᠷᠠᠭᠤᠯᠬᠤ ᠪᠣᠢ ᠭᠡᠳᠡᠭ᠌ ᠢ ᠰᠤᠳᠤᠯᠬᠤ ᠴᠢᠬᠤᠯᠠᠳᠡᠢ᠃ ᠡ᠊ᠨᠳᠡ ᠣᠠᠴᠤᠭᠤᠢ ᠳᠤᠷᠠᠳᠤᠭᠤᠰᠢᠳᠠᠢ ᠵᠣᠢ᠌ᠯ ᠪᠣᠯ ᠳᠠᠷᠤᠢ ᠭᠢᠴᠢᠶᠠᠯ ᠤᠨ ᠳᠠᠩᠭᠢᠮ ᠤᠨ ᠠᠭᠤᠷ ᠠᠮᠢᠰᠬᠤᠯ ᠪᠣᠯᠤᠨ᠎ᠠ᠃

ᠭᠢᠴᠢᠶᠠᠯ ᠤᠨ ᠳᠠᠩᠭᠢᠮ ᠤᠨ ᠠᠭᠤᠷ ᠠᠮᠢᠰᠬᠤᠯ ᠭᠡᠳᠡᠭ᠌ ᠨᠢ᠂ ᠪᠠᠭᠰᠢ ᠰᠤᠷᠤᠭᠴᠢᠳ ᠴᠦᠮ ᠰᠤᠯᠠ ᠳᠠᠯᠪᠢᠭᠤᠨ ᠰᠡᠳᠭᠢᠯ ᠳᠦᠪᠯᠡᠷᠡᠩᠭᠦᠢ᠂ ᠭᠦᠳᠡᠯᠦᠩᠭᠦᠢ ᠪᠠᠢ᠌ᠬᠤ ᠨᠢ ᠲᠤᠩ ᠴᠢᠬᠤᠯᠠ ᠭᠡᠳᠡᠭ᠌ ᠶᠠᠪᠣᠳᠠᠯ ᠪᠤᠯᠤᠨ᠎ᠠ᠃ ᠡᠨᠡ ᠪᠣᠯ ᠨᠢᠭᠡᠨ ᠴᠠᠭ ᠤᠨ ᠭᠢᠴᠢᠶᠠᠯ ᠤᠨ ᠠᠮᠵᠢᠯᠳᠠ ᠲᠡᠶ ᠪᠣᠯᠬᠤ ᠡᠰᠡᠭᠦ ᠶᠢᠨ ᠴᠢᠬᠤᠯᠠ ᠴᠢᠨᠠᠷ ᠭᠡᠵᠤ ᠦᠵᠡᠨ᠎ᠡ᠃

ᠲ᠋ᠡᠭᠡᠪᠠᠯ ᠡ᠊ᠨᠳᠡ ᠶᠠᠷᠢᠵᠤ ᠪᠠᠢ᠌ᠭ᠎ᠠ ᠰᠤᠯᠠ ᠳᠠᠯᠪᠢᠭᠤᠨ ᠭᠡᠳᠡᠭ᠌ ᠨᠢ ᠶᠠᠷᠢᠶᠠᠨ ᠦᠭᠡᠶ ᠭᠡᠮᠵᠢᠶᠡᠨ ᠡᠴᠠ ᠪᠠᠨ ᠭᠡᠳᠦᠷᠡᠭ᠍ᠰᠡᠨ ᠰᠤᠯᠠ ᠵᠠᠳᠠᠭᠠᠢ ᠭᠡᠰᠡᠨ ᠶᠠᠪᠣᠳᠠᠯ ᠪᠢᠰᠢ ᠶᠤᠮ᠃ ᠪᠠᠭᠰᠢ ᠨᠢ ᠵᠢᠭᠠᠨ ᠰᠤᠷᠭᠠᠬᠤ ᠬᠠᠷᠠᠯᠳᠠ ᠵᠤᠷᠢᠯᠳᠠ ᠪᠠᠨ ᠠᠯᠳᠠᠭᠰᠠᠨ ᠰᠤᠯᠠ ᠵᠠᠳᠠᠭᠠᠢ ᠪᠢᠰᠢ᠂ ᠬᠠᠷᠢᠨ ᠪᠠᠭᠰᠢ ᠪᠣᠯᠤᠭᠰᠠᠤᠨ ᠰᠤᠷᠤᠭᠴᠢᠳ ᠢ ᠦᠪᠡᠷ ᠤᠨ ᠳᠤᠳᠤᠨᠤ ᠨᠠᠢ᠌ᠵᠠ ᠪᠠᠷ ᠦᠵᠡᠵᠤ᠂ ᠰᠡᠳᠭᠢᠯ ᠶᠢᠡᠨ ᠣᠢ᠌ᠯᠠᠭᠠᠯᠴᠠᠨ᠂ ᠶᠠᠷᠢᠶ᠎ᠠ ᠭᠦᠭᠡᠷᠦᠭᠡ ᠪᠠᠷ ᠳᠠᠮᠵᠢᠨ ᠵᠤᠭᠢᠬᠤ ᠴᠠᠭ ᠤᠨ ᠳᠤᠳᠤᠷ᠎ᠠ ᠰᠤᠷᠤᠭᠴᠢᠳ ᠮᠡᠳᠡᠭᠦ ᠦᠭᠡᠶ ᠴᠢᠳᠠᠬᠤ ᠦᠭᠡᠶ ᠵᠣᠢ᠌ᠯ ᠶᠢᠡᠨ ᠡᠨᠡ ᠭᠦ ᠭᠡᠯᠪᠠᠷᠢ ᠪᠠᠷ ᠳᠠᠮᠵᠢᠨ ᠣᠢ᠌ᠯᠠᠭᠠᠨ ᠮᠠᠳᠠᠵᠤ᠂ ᠪᠠᠭᠰᠢ ᠪᠣᠯᠤᠭᠰᠠᠤᠨ ᠳᠤᠰ ᠴᠠᠭ ᠤᠨ ᠳᠤᠳᠤᠷ᠎ᠠ ᠰᠤᠷᠤᠭᠴᠢᠳ ᠲᠤ ᠣᠢ᠌ᠯᠠᠭᠠᠭᠤᠯᠵᠤ ᠡᠵᠡᠮᠰᠢᠭᠦᠯᠭᠦ ᠭᠡᠰᠡᠨ ᠵᠤᠷᠢᠯᠳᠠ ᠳᠠᠭᠠᠨ ᠭᠦᠷᠭᠦ ᠶᠠᠪᠣᠳᠠᠯ ᠪᠣᠯᠤᠨ᠎ᠠ᠃ ᠣᠯᠠᠩᠭᠢ ᠶᠢᠨ ᠪᠠᠢ᠌ᠳᠠᠯ ᠳ᠋ᠠᠭᠢ ᠪᠠᠭᠰᠢ ᠪᠣᠯᠤᠭᠰᠠᠤᠨ ᠤᠨ ᠠᠭᠤᠷ ᠣᠮᠤᠭ ᠶᠢᠡᠷ ᠰᠤᠷᠤᠭᠴᠢᠳ ᠢ ᠳᠠᠷᠤᠩᠭ᠋ᠣᠢ᠌ᠯᠠᠨ ᠨᠤᠮᠤᠬᠠᠷᠠᠭᠤᠯᠬᠤ ᠪᠣᠯ ᠲᠤᠢ᠌ᠯ ᠤᠨ ᠶᠡᠭᠡ ᠬᠤᠤᠷ ᠭᠦᠨᠦᠭᠡᠯ ᠲᠡᠶ ᠵᠢᠭᠠᠨ ᠰᠤᠷᠭᠠᠬᠤ ᠠᠷᠭ᠎ᠠ ᠪᠠᠷᠢᠯ ᠪᠤᠯᠤᠨ᠎ᠠ᠂ ᠡᠭᠦᠨ ᠡᠴᠠ ᠪᠣᠯᠵᠤ ᠰᠤᠷᠤᠭᠴᠢᠳ ᠭᠡᠳᠦᠷᠭᠡᠢ ᠪᠠᠷᠢᠭᠳᠠᠮᠠᠯ᠂ ᠠᠶᠤᠮᠠᠲᠠᠭᠠᠢ᠂ ᠭᠡᠯᠡᠵᠤ ᠬᠠᠷᠢᠭᠤᠯᠬᠤ ᠡᠴᠠ ᠪᠠᠨ ᠠᠶᠤᠨ ᠵᠢᠷᠦᠭᠡᠰᠢᠶᠡᠭᠦ᠂ ᠪᠤᠷᠦᠭᠤ ᠪᠣᠯᠤᠭᠰᠠᠭᠠᠷ ᠪᠠᠭᠰᠢ ᠳᠤ ᠵᠢᠮᠡᠯᠡᠭ᠍ᠳᠡᠭᠦ ᠡᠴᠠ ᠪᠠᠨ ᠠᠶᠤᠬᠤ ᠥᠵᠡᠭ᠍ᠳᠡᠯ ᠢᠯᠠᠷᠠᠨ᠂ ᠰᠤᠷᠤᠭᠴᠢᠳ ᠤᠨ ᠰᠠᠳᠭᠢᠨ ᠪᠣᠳᠤᠬᠤ ᠴᠢᠳᠠᠪᠣᠷᠢ ᠪᠠ ᠦᠪᠡᠷ ᠢ ᠪᠠᠨ ᠢᠯᠡᠷᠡᠭᠦᠯᠭᠦ ᠵᠤᠷᠢᠭ ᠣᠬᠠᠭᠠᠨ ᠬᠠᠰᠤᠭᠳᠠᠨ᠂ ᠭᠢᠴᠢᠶᠠᠯ ᠤᠨ ᠳᠠᠩᠭᠢᠮ ᠢ ᠪᠠᠭᠰᠢ ᠭᠠᠭᠴᠠᠭᠠᠷ ᠡᠵᠡᠮᠳᠡᠨ᠂ ᠵᠢᠭᠠᠨ ᠰᠤᠷᠭᠠᠯᠳᠠ ᠶᠢᠨ ᠭᠠᠭᠴᠠᠭᠠᠷ ᠡᠵᠡᠮᠰᠢᠯ ᠡᠭᠦᠰᠭᠦ ᠪᠣᠯᠤᠨ᠎ᠠ᠃ ᠢᠩᠭᠢᠪᠠᠯ ᠭᠡᠳᠦᠷᠭᠡᠢ ᠭᠦᠡᠳᠡᠢ ᠬᠤᠭᠤᠰᠤᠨ ᠪᠠᠴᠢᠮᠳᠠᠩᠭ᠋ᠤᠢ ᠠᠭᠤᠷ ᠠᠮᠢᠰᠬᠤᠯ ᠢ ᠠᠪᠴᠢᠷᠠᠬᠤ ᠪᠣᠯᠤᠨ᠎ᠠ᠂ ᠴᠢᠨᠠᠭᠰᠢᠯᠠᠭᠠᠤᠨ ᠰᠤᠷᠤᠭᠴᠢᠳ ᠰᠡᠳᠭᠢᠯ ᠰᠠᠨᠠᠭ᠎ᠠ ᠳᠦᠪᠯᠡᠷᠡᠩᠭᠦᠢ ᠪᠢᠰᠢ ᠪᠣᠯᠵᠤ ᠭᠢᠴᠢᠶᠠᠯ ᠳᠤ ᠥᠭᠡᠷ᠎ᠡ ᠵᠣᠢ᠌ᠯ ᠪᠣᠳᠤᠨ ᠣᠷᠤᠯᠳᠤᠨ ᠰᠠᠭᠤᠵᠤ᠂ 《ᠪᠠᠭᠰᠢ ᠮᠡᠳᠡᠭᠦ ᠡᠴᠠ ᠪᠢᠰᠢ ᠪᠢᠳᠠ ᠭᠡᠷᠭᠢᠨ ᠰᠠᠳᠭᠢᠨ ᠪᠣᠳᠤᠵᠤ ᠣᠯᠬᠤ ᠪᠣᠢ ︖》 ᠭᠡᠭᠦ ᠮᠠᠳᠤ ᠪᠠᠶ᠎ᠠ ᠪᠠᠨ ᠭᠤᠯᠤᠵᠤ ᠣᠷᠮ᠎ᠠ ᠬᠠᠷᠢᠬᠤ ᠥᠵᠡᠭ᠍ᠳᠡᠯ ᠡᠭᠦᠰᠤᠨ᠎ᠡ᠃ ᠢᠩᠭᠢᠪᠠᠯ ᠳᠤᠰ ᠭᠢᠴᠢᠶᠡᠯᠯᠡᠭᠡ ᠨᠢ ᠵᠥᠪᠭᠡᠨ ᠭᠠᠭᠴᠠ ᠭᠦᠮᠤᠨ ᠤ ᠬᠠᠰᠭᠢᠷᠤᠯ ᠳᠠᠳᠤᠢ ᠪᠣᠯᠤᠨ᠎ᠠ᠃

ᠡᠢ᠌ᠮᠤ ᠡᠴᠠ ᠪᠢᠳᠠ ᠪᠠᠭᠰᠢ ᠪᠣᠯᠤᠭᠰᠠᠤᠨ ᠤᠨ ᠬᠤᠪᠢ ᠳᠤ ᠡᠷᠭᠡᠪᠰᠢ ᠭᠢᠴᠢᠶᠠᠯ ᠤᠨ ᠳᠠᠩᠭᠢᠮ ᠳᠤ᠂ ᠰᠤᠷᠤᠭᠴᠢᠳ ᠢ ᠳᠡᠷᠢᠭᠦᠨ ᠪᠠᠢ᠌ᠷᠢᠨ ᠳᠤ ᠪᠠᠢ᠌ᠯᠭᠠᠬᠤ ᠶᠢ ᠠᠩᠬᠠᠷᠴᠤ ᠳᠠᠳᠠᠨᠠᠷ ᠲᠤ ᠭᠢᠴᠢᠶᠠᠯ ᠤᠨ ᠳᠠᠩᠭᠢᠮ ᠤᠨ ᠡᠵᠡᠨ ᠪᠠᠶ᠎ᠠ ᠶᠢᠨ ᠡᠷᠭᠡ ᠶᠢ ᠥᠭ᠍ᠴᠤ᠂ ᠪᠠᠭᠰᠢ ᠡᠴᠠ ᠵᠤᠭᠢᠰᠳᠠᠢ ᠵᠢᠯᠤᠭᠤᠳᠤᠨ᠂ ᠰᠡᠩᠭᠡᠷᠡᠭᠦᠯᠤᠨ᠂ ᠲᠤᠬᠢᠷᠠᠭᠤᠯᠬᠤ ᠣᠢ᠌ᠯᠠᠳᠤᠯ ᠥᠵᠡᠭᠦᠯᠤᠨ ᠰᠤᠷᠤᠭᠴᠢᠳ ᠢ ᠪᠠᠶ᠎ᠠ ᠳᠡᠭᠡᠨ ᠵᠤᠭᠢᠴᠠᠭᠰᠠᠨ ᠰᠤᠯᠠ ᠳᠠᠯᠪᠢᠭᠤᠨ᠂ ᠴᠤᠭ ᠵᠤᠯᠢ ᠲᠡᠶ᠂ ᠭᠦᠭ᠍ᠵᠢᠶᠡᠨ ᠲᠡᠶ ᠠᠭᠤᠷ ᠠᠮᠢᠰᠬᠤᠯ ᠤᠨ ᠳᠤᠮᠳᠠ᠂ ᠲ᠋ᠠᠳᠠᠨ ᠳᠤ ᠣᠯᠪᠠᠰᠤ ᠵᠤᠭᠢᠬᠤ ᠮᠡᠳᠡᠯᠭᠡ ᠶᠢᠨ ᠳᠡᠵᠢᠭᠡᠯ ᠢ ᠨᠢ ᠭᠦᠷᠳᠡᠭᠡᠪᠠᠯ ᠵᠤᠭᠢᠨ᠎ᠠ᠃

ᠡᠮᠤᠨ᠎ᠡ ᠠᠭᠤᠯᠭ᠎ᠠ ᠳ᠋ᠠᠭᠢ ᠰᠡᠳᠭᠢᠯ ᠳᠦᠪᠯᠡᠷᠡᠩᠭᠦᠢ ᠭᠡᠳᠡᠭ᠌ ᠨᠢ ᠪᠣᠯ ᠳᠠᠷᠤᠢ ᠪᠠᠭᠰᠢ ᠶᠢᠨ ᠰᠠᠨᠠᠭ᠎ᠠ ᠪᠦᠭᠦ ᠰᠤᠷᠤᠭᠴᠢᠳ ᠲᠤ ᠲᠦᠪᠯᠡᠷᠠᠨ᠂ ᠰᠤᠷᠤᠭᠴᠢᠳ ᠤᠨ ᠰᠡᠳᠭᠢᠯ ᠰᠠᠨᠠᠭ᠎ᠠ ᠶᠢ ᠭᠢᠴᠢᠶᠠᠯ ᠳᠤ ᠳᠦᠪᠯᠡᠷᠡᠭᠦᠯᠤᠨ ᠠᠪᠴᠢᠷᠠᠬᠤ ᠶᠢ ᠭᠡᠯᠡᠨ᠎ᠡ᠃ ᠭᠦᠳᠡᠯᠦᠩᠭᠦᠢ ᠭᠡᠳᠡᠭ᠌ ᠨᠢ ᠪᠣᠯ ᠳᠠᠷᠤᠢ ᠪᠠᠭᠰᠢ ᠰᠤᠷᠤᠭᠴᠢᠳ ᠴᠦᠮ ᠪᠠᠷᠢᠭᠳᠠᠮᠠᠯ ᠂ ᠳᠦᠷᠢᠮ ᠭᠤᠷᠢᠮᠴᠢᠯᠠᠭᠰᠠᠨ ᠪᠢᠰᠢ᠂ ᠣᠤᠯ ᠣᠤᠯ ᠤᠨ ᠰᠢᠭ ᠳᠠᠷᠠ ᠭᠦ ᠴᠢᠩᠭ᠋᠎ᠠ ᠳᠦᠪᠯᠡᠭᠦᠨ᠂ ᠭᠡᠪᠰᠢᠭ᠍ᠰᠡᠨ ᠶᠤᠰᠤ ᠳᠦᠷᠢᠮ ᠢ ᠴᠢᠩᠭ᠋᠎ᠠ ᠡᠴᠠ ᠴᠢᠩᠭ᠋᠎ᠠ ᠵᠢᠷᠤᠮᠯᠠᠨ ᠰᠠᠭᠢᠬᠤ ᠶᠢ ᠱᠠᠭᠠᠷᠳᠠᠬᠤ ᠪᠢᠰᠢ᠂ ᠮᠦᠨ ᠴᠤ ᠣᠤᠯ ᠤᠨ ᠳᠠᠷᠠ ᠭᠦ ᠪᠠᠭᠰᠢ ᠶᠢᠨ ᠵᠦᠪᠰᠢᠶᠠᠷᠠᠯ ᠦᠭᠡᠶ ᠪᠣᠯ ᠠᠰᠠᠭᠤᠯᠳᠠ ᠳᠤᠷᠠᠳᠤᠨ ᠠᠰᠠᠭᠤᠵᠤ ᠪᠣᠯᠬᠤ ᠦᠭᠡᠶ᠂ ᠡᠷᠭᠡᠪᠰᠢ ᠭᠠᠷ ᠡᠷᠭᠦᠨ ᠪᠠᠭᠰᠢ ᠡᠴᠠ ᠵᠦᠪᠰᠢᠶᠠᠷᠠᠯ ᠠᠪᠣᠭᠰᠠᠨ ᠤ ᠰᠡᠭᠦᠯᠡᠷ ᠰᠠ‍‌ᠶᠢ ᠠᠮᠠ ᠨᠡᠭᠡᠭᠡᠵᠤ ᠪᠣᠯᠬᠤ ᠭᠡᠪᠰᠢᠮᠡᠯ ᠳᠦᠷᠢᠮ ᠭᠤᠷᠢᠮ ᠢ ᠥᠭᠡᠷᠡᠴᠢᠯᠡᠵᠤ᠂ ᠰᠤᠷᠤᠭᠴᠢᠳ ᠤᠨ ᠦᠪᠡᠷ ᠢ ᠪᠠᠨ ᠢᠯᠡᠷᠡᠭᠦᠯᠭᠦ ᠵᠠᠢ ᠴᠢᠯᠦᠭᠡ ᠶᠢ ᠨᠢ ᠥᠭ᠍ᠴᠤ᠂ ᠵᠦᠷᠢᠭ ᠢ ᠨᠢ ᠪᠠᠳᠠᠷᠠᠭᠠᠵᠤ᠂ ᠴᠢᠳᠠᠪᠣᠷᠢ ᠪᠠᠨ ᠢᠯᠡᠷᠡᠭᠦᠯᠭᠦ ᠶᠢ ᠨᠢ ᠴᠢᠯᠦᠭᠡ ᠲᠡᠶ ᠪᠠᠢ᠌ᠯᠭᠠᠬᠤ ᠭᠡᠷᠡᠭ᠍ᠳᠡᠢ ᠭᠡᠰᠡᠨ ᠶᠠᠪᠣᠳᠠᠯ ᠪᠣᠯᠤᠨ᠎ᠠ᠃

ᠥᠭᠡᠷ᠎ᠡ ᠪᠠᠷ ᠭᠡᠯᠡᠪᠠᠯ᠂ ᠰᠤᠷᠤᠭᠴᠢᠳ ᠤᠨ ᠭᠦᠳᠡᠯᠦᠩᠭᠦᠢ ᠴᠢᠯᠦᠭᠡᠳᠡᠢ ᠪᠠᠷ ᠠᠰᠠᠭᠤᠯᠳᠠ ᠳᠤᠷᠠᠳᠤᠨ ᠬᠠᠮᠳᠤᠪᠠᠷ ᠶᠠᠷᠢᠯᠴᠠᠨ ᠬᠠᠷᠢᠭᠤᠯᠬᠤ ᠶᠢ ᠵᠤᠷᠢᠭᠵᠢᠭᠤᠯᠵᠤ ᠪᠠᠢ᠌ᠬᠤ ᠭᠡᠷᠡᠭ᠍ᠳᠡᠢ᠃ ᠡᠨᠡ ᠭᠦ ᠭᠡᠯᠪᠠᠷᠢ ᠪᠠᠷ ᠭᠦᠷᠳᠡᠭᠦ ᠮᠡᠳᠡᠯᠭᠡ ᠪᠣᠯ ᠰᠠ‍‌ᠶᠢ ᠰᠤᠷᠤᠭᠴᠢᠳ ᠲᠤ ᠰᠢᠩᠭᠡᠭᠡᠭ᠍ᠳᠡᠨ ᠬᠠᠳᠠᠩᠰᠢᠬᠤ ᠨᠢ ᠢᠯᠡᠭᠦᠤ ᠪᠠᠢ᠌ᠳᠠᠭ᠃ ᠮᠦᠨ ᠴᠤ ᠰᠤᠷᠤᠭᠴᠢᠳ ᠢ ᠤᠬᠠᠭᠤᠯᠤᠨ᠂ ᠨᠢᠭᠡ ᠨᠢ ᠮᠡᠳᠡᠭᠦ ᠦᠭᠡᠶ ᠵᠣᠢ᠌ᠯ ᠶᠢᠡᠨ ᠠᠰᠠᠭᠤᠯᠳᠠ ᠳᠤᠷᠠᠳᠤᠨ ᠠᠰᠠᠭᠤᠬᠤ ᠳᠤ ᠨᠥᠭᠦᠭᠡ ᠨᠢ ᠮᠡᠳᠡᠭᠦ ᠶᠢᠨ ᠭᠢᠷᠢ ᠴᠢᠳᠠᠯ ᠶᠢᠡᠷ ᠶᠢᠡᠨ ᠵᠤᠷᠢᠭᠳᠠᠢ ᠬᠠᠷᠢᠭᠤᠯᠵᠤ ᠪᠠᠢ᠌ᠬᠤ ᠶᠢ ᠰᠠᠢ᠌ᠰᠢᠶᠠᠬᠤ ᠭᠡᠷᠡᠭ᠍ᠳᠡᠢ᠃ ᠡᠨᠡ ᠪᠣᠯ ᠵᠢᠩᠭᠢᠨᠢ ᠮᠡᠳᠡᠯᠭᠡ ᠣᠯᠬᠤ ᠶᠢᠨ ᠵᠤᠷᠢᠭᠳᠠᠢ ᠠᠯᠬᠤᠴᠠ ᠭᠡᠳᠡᠭ᠌ ᠢ ᠣᠬᠠᠭᠤᠯᠤᠨ ᠣᠢ᠌ᠯᠠᠭᠠᠭᠤᠯᠬᠤ ᠭᠡᠷᠡᠭ᠍ᠳᠡᠢ᠃

ᠪᠠᠰᠠ ᠨᠢᠭᠡᠨ ᠳᠤᠷᠠᠳᠤᠭᠤᠰᠢᠳᠠᠢ ᠵᠣᠢ᠌ᠯ ᠭᠡᠪᠠᠯ᠂ ᠰᠤᠷᠦᠯᠭ᠎ᠠ ᠶᠢᠨ ᠳᠠᠯ᠎ᠠ ᠪᠠᠷ ᠪᠣᠰᠤᠳ ᠡᠴᠠ ᠪᠠᠬᠠᠨ ᠬᠤᠴᠤᠷᠴᠤ ᠪᠠᠢ᠌ᠭ᠎ᠠ ᠰᠤᠷᠤᠭᠴᠢᠳ ᠲᠤ ᠬᠠᠠᠳᠤᠬᠤ ᠳᠠᠭᠠᠨ ᠪᠠᠭᠰᠢ ᠪᠣᠯᠤᠭᠰᠠᠤᠨ ᠡᠷᠭᠡᠪᠰᠢ ᠭᠦᠯᠢᠴᠡᠩᠭᠦᠢ ᠣᠪᠣᠷ ᠢ ᠠᠪᠬᠤ ᠭᠡᠷᠡᠭ᠍ᠳᠡᠢ᠃ ᠲ᠋ᠡᠳᠡᠨᠡᠷ ᠤᠨ ᠦᠴᠦᠭᠡᠨ ᠳᠠᠪᠰᠢᠯᠳᠠ ᠶᠢ ᠴᠤ ᠦᠨᠳᠦᠷ ᠶᠢᠡᠷ ᠥᠨᠡᠯᠡᠭᠦ ᠭᠡᠷᠡᠭ᠍ᠳᠡᠢ ᠂ ᠢᠩᠭᠢᠪᠠᠯ ᠰᠠ‍‌ᠶᠢ ᠳᠠᠳᠠᠨᠠᠷ ᠢ ᠳᠠᠪᠰᠢᠩᠭ᠋ᠤᠢ ᠵᠠᠮ ᠳᠤ ᠣᠷᠤᠭᠤᠯᠵᠤ ᠴᠢᠳᠠᠨ᠎ᠠ᠃ ᠰᠤᠷᠤᠯᠭ᠎ᠠ ᠠᠨᠠᠢ ᠰᠤᠷᠤᠭᠴᠢ ᠪᠣᠯ ᠣᠯᠠᠩᠭᠢ ᠳᠠᠭᠠᠨ ᠪᠠᠶ᠎ᠠ ᠪᠠᠨ ᠭᠤᠯᠤᠬᠤ ᠪᠠ ᠪᠠᠶ᠎ᠠ ᠳᠡᠭᠡᠨ ᠢᠳᠡᠭᠡᠯ ᠦᠭᠡᠶ ᠡᠴᠠ ᠪᠣᠯᠵᠤ ᠬᠤᠴᠤᠷᠳᠠᠭ᠂ ᠲ᠋ᠠᠳᠠᠨᠠᠷ ᠤᠨ ᠳᠠᠷᠤᠯᠳᠠ (ᠬᠠᠮᠳᠤ ᠰᠤᠷᠤᠭᠴᠢ ᠨᠢ ᠳᠤᠤᠷ᠎ᠠ ᠥᠵᠡᠭᠦ᠂ ᠪᠠᠭᠰᠢ ᠡᠴᠠ ᠣᠢ᠌ᠰᠢᠶᠠᠬᠤ ᠪᠠᠨ ᠪᠣᠯᠢᠵᠤ ᠬᠠᠶᠠᠭᠠᠨ ᠳ᠋ᠤᠨᠢ ᠬᠠᠶᠠᠭᠰᠡᠨ᠂ ᠭᠡᠷ ᠤᠨ ᠠᠬᠠᠮᠠᠤᠨ ᠡᠴᠠ ᠰᠤᠷᠤᠯᠭ᠎ᠠ ᠶᠢᠨ ᠳᠠᠯ᠎ᠠ ᠪᠠᠷ ᠠᠩᠬᠠᠷᠬᠤ ᠦᠭᠡᠶ ᠭᠡᠭᠦ ᠮᠠᠳᠤ) ᠶ᠋ᠢ ᠠᠯᠢ ᠴᠢᠳᠠᠬᠤ ᠶᠢᠨ ᠳᠤᠳᠤᠷ᠎ᠠ ᠢᠳᠡᠭᠡᠯ ᠶᠢᠡᠷ ᠰᠤᠯᠢᠭᠳᠠᠭᠤᠯᠬᠤ ᠭᠡᠷᠡᠭ᠍ᠳᠡᠢ᠃ ᠵᠢᠱᠢᠶᠠᠯᠠᠪᠠᠯ ᠄ ᠪᠠᠢ᠌ᠳᠠᠯ ᠳ᠋ᠤᠨᠢ ᠵᠤᠭᠢᠴᠠᠭᠤᠯᠤᠨ ᠨᠢᠭᠡᠨ ᠳᠦᠭᠦᠮ ᠠᠰᠠᠭᠤᠯᠳᠠ ᠠᠰᠠᠭᠤᠨ ᠬᠠᠷᠢᠭᠤᠯᠠᠭᠤᠯᠬᠤ᠂ ᠠᠮᠵᠢᠯᠳᠠ ᠳᠠᠪᠰᠢᠯᠳᠠ ᠶᠢ ᠨᠢ ᠣᠯᠠᠨ ᠤ ᠳᠤᠮᠳᠠ ᠦᠨᠡᠯᠠᠨ ᠮᠠᠭᠳᠠᠬᠤ ᠭᠡᠭᠦ ᠮᠠᠳᠤ ᠶᠢᠨ ᠠᠷᠭ᠎ᠠ ᠠᠪᠴᠠᠯ ᠢ ᠠᠪᠴᠤ᠂ ᠲ᠋ᠠᠳᠠᠨᠠᠷ ᠲᠤ ᠦᠪᠡᠷ ᠤᠨ ᠪᠠᠶ᠎ᠠ ᠳᠡᠭᠡᠨ ᠪᠠᠳᠤ ᠢᠳᠡᠭᠡᠯ ᠲᠡᠶ ᠪᠠᠷ ᠴᠢᠷᠮᠠᠢ᠌ᠳᠠᠭ ᠯᠠ ᠶᠤᠮ ᠪᠣᠯ ᠯᠠᠪᠳᠠᠢ ᠳᠠᠪᠰᠢᠵᠤ ᠳᠠᠢ᠌ᠯᠤᠨ᠎ᠡ ᠭᠡᠳᠡᠭ᠌ ᠢ ᠣᠢ᠌ᠯᠠᠭᠠᠭᠤᠯᠤᠨ᠎ᠠ᠃ ᠬᠠᠷᠢᠨ ᠳᠠᠳᠠᠨᠠᠷ ᠡᠴᠠ ᠠᠰᠠᠭᠤᠯᠳᠠ ᠠᠰᠠᠭᠤᠬᠤ᠂ ᠲ᠋ᠠᠳᠠᠨᠠᠷ ᠲᠡᠶ ᠣᠷᠤᠯᠳᠤᠬᠤ ᠨᠢ ᠴᠠᠭ ᠤᠨ ᠬᠠᠷᠰᠢ ᠭᠡᠵᠤ ᠪᠣᠳᠤᠭᠠᠤᠨ ᠬᠠᠶᠠᠭᠠᠨ ᠳ᠋ᠤᠨᠢ ᠬᠠᠶᠠᠬᠤ ᠶᠤᠮ ᠪᠣᠯ ᠬᠠᠷ᠎ᠠ ᠰᠡᠳᠭᠢᠯ ᠭᠠᠷᠭᠠᠭᠰᠠᠨ ᠶᠠᠪᠣᠳᠠᠯ ᠪᠣᠯᠤᠨ᠎ᠠ᠂ ᠬᠠᠷᠢᠨ ᠳᠠᠪᠰᠢᠩᠭ᠋ᠤᠢ ᠵᠠᠮ ᠳᠤ ᠳᠠᠭᠠᠭᠤᠯᠬᠤ ᠶᠢ ᠴᠢᠬᠤᠯᠠ ᠶᠠᠪᠣᠳᠠᠯ ᠪᠣᠯᠭᠠᠬᠤ ᠭᠡᠷᠡᠭ᠍ᠳᠡᠢ᠃

ᠨᠢᠭᠡᠨ ᠬᠤᠪᠢ ᠥᠭᠦᠯᠡᠯ ᠵᠤᠬᠢᠶᠠᠯ ᠳᠤ ᠳ᠋ᠦ᠋ᠩᠨᠡᠯᠲᠡ ᠪᠠᠢ᠌ᠬᠤ ᠲᠡᠶ ᠠᠳᠠᠯᠢ ᠪᠠᠷ ᠨᠢᠭᠡ ᠴᠠᠭ ᠤᠨ ᠭᠢᠴᠢᠶᠡᠯᠯᠡᠭᠡ ᠳᠤ ᠡᠷᠭᠡᠪᠰᠢ ᠳ᠋ᠦ᠋ᠩᠨᠡᠯᠲᠡ ᠪᠠᠢ᠌ᠬᠤ ᠭᠡᠷᠡᠭ᠍ᠳᠡᠢ᠂ ᠡᠨᠡ ᠨᠢ ᠰᠤᠷᠤᠭᠴᠢᠳ ᠤᠨ ᠡᠵᠡᠮᠰᠢᠭ᠍ᠰᠡᠨ ᠶᠢᠡᠨ ᠪᠠᠳᠤᠳᠬᠠᠬᠤ ᠭᠡᠯᠪᠠᠷᠢ ᠴᠤ ᠮᠦᠨ ᠭᠡᠵᠤ ᠦᠵᠡᠨ᠎ᠡ᠃

ᠲ᠋ᠡᠭᠡᠪᠠᠯ ᠭᠢᠴᠢᠶᠠᠯ ᠤᠨ ᠳ᠋ᠦ᠋ᠩᠨᠡᠯᠲᠡ ᠳᠤ ᠭᠤᠤᠯᠳᠠᠭᠤ᠄ ᠠᠰᠠᠭᠤᠯᠳᠠ ᠬᠠᠷᠢᠭᠤᠯᠬᠤ ᠭᠡᠯᠪᠠᠷᠢ ᠶᠢᠨ ᠳ᠋ᠦ᠋ᠩᠨᠡᠯᠲᠡ᠂ ᠰᠤᠷᠤᠭᠴᠢᠳ ᠬᠠᠮᠳᠤᠪᠠᠷ ᠶᠠᠷᠢᠯᠴᠠᠨ ᠳ᠋ᠦ᠋ᠩᠨᠡᠭᠦ᠂ ᠪᠠᠭᠰᠢ ᠡᠴᠠ ᠳᠤᠪᠴᠢ ᠠᠪᠰᠠᠷᠬᠠᠨ ᠶᠢᠡᠷ ᠬᠤᠷᠢᠶᠠᠩᠭ᠋ᠣᠢ᠌ᠯᠠᠨ ᠳ᠋ᠦ᠋ᠩᠨᠡᠭᠦ ᠭᠡᠭᠦ ᠮᠠᠳᠤ ᠣᠯᠠᠨ ᠵᠣᠢ᠌ᠯ ᠤᠨ ᠠᠷᠭ᠎ᠠ ᠭᠡᠯᠪᠠᠷᠢ ᠪᠠᠢ᠌ᠳᠠᠭ᠃ ᠭᠢᠴᠢᠶᠠᠯ ᠤᠨ ᠳ᠋ᠦ᠋ᠩᠨᠡᠯᠲᠡ ᠨᠢ ᠨᠢᠭᠡ ᠭᠢᠴᠢᠶᠡᠯᠯᠡᠭᠡ ᠶᠢᠨ ᠬᠤᠷᠢᠶᠠᠩᠭ᠋ᠣᠢ᠌ᠯᠠᠯ ᠮᠥᠨ᠂ ᠡᠢ᠌ᠮᠤ ᠡᠴᠠ ᠭᠢᠴᠢᠶᠠᠯ ᠳ᠋ᠦ᠋ᠩᠨᠡᠭᠦ ᠳᠡᠭᠡᠨ ᠰᠢᠨ᠎ᠡ ᠰᠡᠪᠠᠭᠦᠨ᠂ ᠲ᠋ᠦᠪᠴᠢ ᠡᠡᠪᠰᠡᠷᠬᠠᠨ᠂ ᠰᠥᠪᠠᠭ᠍ᠴᠢ ᠭᠤᠭᠴᠤᠭ᠎ᠠ ᠥᠯᠡᠳᠡᠭᠡᠨ ᠳ᠋ᠦ᠋ᠩᠨᠡᠭᠦ ᠠᠷᠭ᠎ᠠ ᠠᠪᠴᠢᠯ ᠢ ᠴᠤ ᠰᠤᠳᠤᠯᠤᠨ ᠭᠡᠷᠡᠭᠯᠡᠵᠤ ᠪᠣᠯᠤᠨ᠎ᠠ᠃

ᠡᠳᠡᠭᠡᠷ ᠨᠢ ᠵᠥᠪᠭᠡᠨ ᠮᠢᠨᠤ ᠦᠪᠡᠷ ᠤᠨ ᠪᠠᠶ᠎ᠠ ᠶᠢᠨ ᠪᠣᠳᠤᠨ ᠰᠠᠳᠭᠢᠵᠤ᠂ ᠬᠤᠷᠢᠭᠠᠤᠨ ᠵᠢᠯ ᠤᠨ ᠵᠢᠭᠠᠨ ᠰᠤᠷᠭᠠᠬᠤ ᠠᠵᠢᠯ ᠳᠠᠭᠠᠨ ᠳᠤᠷᠰᠢᠨ ᠭᠡᠷᠡᠭᠯᠡᠵᠤ ᠢᠷᠡᠭ᠍ᠰᠡᠨ ᠠᠷᠭ᠎ᠠ ᠪᠠᠷᠢᠯ ᠳᠠᠳᠤᠢ ᠶᠤᠮ᠃ ᠪᠢᠳᠠ ᠪᠠᠭᠰᠢ ᠪᠣᠯᠤᠭᠰᠠᠤᠨ ᠡᠷᠭᠡᠪᠰᠢ ᠡᠨᠡ ᠳᠠᠯ᠎ᠠ ᠪᠠᠷ ᠢᠯᠡᠭᠦᠭᠡᠨ ᠰᠡᠳᠭᠢᠯ ᠶᠢᠡᠨ ᠵᠥᠳᠡᠭᠡᠨ᠂ ᠲ᠋ᠡᠷᠢᠭᠢ ᠳᠤᠯᠤᠭᠠᠢ ᠪᠠᠨ ᠰᠢᠪᠬᠠᠨ᠂ ᠦᠷᠦᠭᠡᠯ ᠤᠨ ᠪᠠ ᠦᠪᠡᠷ ᠤᠨ ᠬᠡᠦᠬᠡᠳ ᠤᠨ ᠠᠯᠤᠰ ᠢᠷᠡᠭᠡᠳᠦᠢ ᠳᠤ ᠵᠢᠳᠭᠦᠨ ᠴᠢᠷᠮᠠᠢ᠌ᠬᠤ ᠴᠢᠬᠤᠯᠠᠳᠠᠢ ᠪᠠᠢ᠌ᠨ᠎ᠠ᠃



ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠴᠠᠭᠠᠠᠮᠦ᠋ᠷᠠᠨ ᠪᠠᠯᠭᠠᠰᠤ ᠶᠢᠨ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰᠡᠢ᠌ᠡᠪᠢᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3592
ᠴᠠᠭ᠄ 2011 ᠤᠨ ᠤ 12 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ