☆ ᠭᠦᠭ᠍ᠵᠢᠯᠳᠤ
ᠴᠢᠮ᠎ᠠ ᠲᠡᠶ ᠳᠠᠨᠢᠯᠴᠠᠭᠰᠠᠨ ᠡᠴᠡ
ᠴᠢᠮ᠎ᠠ ᠲᠡᠶ ᠳᠠᠨᠢᠯᠴᠠᠭᠰᠠᠨ ᠡᠴᠡ
ᠴᠢᠩ ᠦᠨᠡᠨ ᠬᠠᠢ᠌ᠷ᠎ᠠ ᠳᠤ ᠰᠤᠭᠳᠤᠭᠤᠷᠠᠭᠰᠠᠨ
ᠴᠢᠮ᠎ᠠ ᠲᠡᠶ ᠳᠠᠨᠢᠯᠴᠠᠭᠰᠠᠨ ᠡᠴᠡ
ᠥᠭᠡᠢ᠌ᠯᠡᠨ ᠰᠠᠨᠠᠵᠤ ᠵᠦᠳᠠᠷᠠᠵᠤ ᠶᠠᠪᠣᠭᠰᠠᠨ
ᠴᠢᠮ᠎ᠠ ᠲᠡᠶ ᠳᠠᠨᠢᠯᠴᠠᠭᠰᠠᠨ ᠡᠴᠡ
ᠰᠠᠷ᠎ᠠ ᠲᠡᠶ ᠰᠦᠨᠢ ᠶᠢᠨ ᠰᠡᠯᠡᠭᠦᠭᠡᠨ ᠳᠤ ᠵᠤᠭᠠᠴᠠᠭᠰᠠᠨ
ᠴᠢᠮ᠎ᠠ ᠲᠡᠶ ᠳᠠᠨᠢᠯᠴᠠᠭᠰᠠᠨ ᠡᠴᠡ
ᠵᠠᠭᠢᠳᠠᠯ ᠪᠢᠴᠢᠭᠦ ᠶᠢᠨ ᠢᠭ᠍ᠳᠦᠯᠦᠯ ᠢ ᠮᠡᠳᠡᠭ᠍ᠰᠡᠨ
ᠴᠢᠮ᠎ᠠ ᠲᠡᠶ ᠳᠠᠨᠢᠯᠴᠠᠭᠰᠠᠨ ᠡᠴᠡ
ᠴᠢᠭᠯᠡᠯᠳᠡ ᠬᠠᠷᠠᠯᠳᠠ ᠲᠡᠶ ᠪᠣᠯᠤᠭᠰᠠᠨ
ᠴᠢᠮ᠎ᠠ ᠲᠡᠶ ᠳᠠᠨᠢᠯᠴᠠᠭᠰᠠᠨ ᠡᠴᠡ
ᠴᠢᠩ ᠦᠨᠡᠨ ᠰᠡᠳᠭᠢᠯ ᠶᠢᠡᠨ ᠠᠭᠤᠳᠠᠯᠠᠭᠰᠠᠨ
ᠴᠠᠪᠠᠷ ᠠᠷᠢᠭᠤᠨ ᠬᠠᠢ᠌ᠷ᠎ᠠ ᠪᠠᠨ ᠦᠭᠭᠦᠶ᠎ᠡ ᠭᠡᠰᠡᠨ
ᠴᠡᠴᠡᠭ᠌ ᠬᠤᠸᠠᠷ ᠰᠢᠭ ᠳᠡᠯᠭᠡᠷᠡᠵᠤ ᠶᠠᠪᠣᠶ᠎ᠠ ᠭᠡᠰᠡᠨ
ᠴᠡᠭᠡᠨ ᠪᠣᠯᠤᠷ ᠰᠢᠭ ᠭᠡᠷᠡᠯᠳᠦᠵᠤ ᠶᠠᠪᠣᠶ᠎ᠠ ᠭᠡᠰᠡᠨ
ᠴᠡᠩᠭᠡᠷ ᠬᠥᠭᠡ ᠣᠭᠳᠠᠷᠭᠤᠢ ᠪᠠᠷ ᠭᠦᠭᠯᠡᠵᠤ ᠶᠠᠪᠣᠶ᠎ᠠ ᠭᠡᠰᠡᠨ
ᠣᠶᠤᠨ ᠤ ᠨᠤᠮᠢᠨ ᠳᠠᠯᠠᠢ ᠳᠤ ᠱᠤᠩᠪᠠᠵᠤ ᠶᠠᠪᠣᠶ᠎ᠠ ᠭᠡᠰᠡᠨ
ᠡᠷᠳᠡᠮ ᠤᠨ ᠦᠨᠳᠦᠷ ᠣᠷᠭᠢᠯ ᠳᠤ ᠮᠠᠴᠤᠵᠤ ᠶᠠᠪᠣᠶ᠎ᠠ ᠭᠡᠰᠡᠨ
ᠨᠤᠮᠢᠨ ᠨᠤᠭᠤᠭᠠᠨ ᠳᠠᠯ᠎ᠠ ᠳᠤ ᠪᠠᠨ ᠬᠠᠢ᠌ᠷ᠎ᠠ ᠪᠠᠨ ᠦᠭᠭᠦᠶ᠎ᠡ ᠭᠡᠰᠡᠨ
ᠪᠠᠷᠭᠡᠳᠤ ᠠᠮᠢᠳᠤᠷᠠᠯ ᠤᠨ ᠵᠠᠮ ᠢ ᠬᠠᠮᠳᠤ ᠪᠠᠷ ᠳᠤᠭᠤᠯᠤᠶᠠ ᠭᠡᠰᠡᠨ
ᠵᠤᠬᠢᠶᠠᠭᠴᠢ ᠶᠢᠨ ᠬᠠᠶᠢᠭ ᠄ ᠭᠦᠯᠤᠨ ᠪᠤᠢ᠌ᠷ ᠳᠡᠭᠡᠳᠤ ᠰᠤᠷᠭᠠᠭᠤᠯᠢ ᠶᠢᠨ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠳᠡᠭᠡᠳᠤ ᠰᠤᠷᠭᠠᠭᠤᠯᠢ
ᠵᠤᠬᠢᠶᠠᠭᠴᠢ᠄ ᠭᠦᠭ᠍ᠵᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2010 ᠤᠨ ᠤ 12 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ