ᠨᠡᠪᠲᠡᠷᠡᠨ ᠤᠷᠤᠬᠤ
ᠤᠤᠠᠬ᠎ᠠ ᠵᠤᠬᠢᠶᠠᠯ ᠤᠨ ᠳᠠᠪᠴᠠᠩ ᠳᠤ ᠭᠡᠷᠡᠯᠳᠦᠭ᠍ᠰᠡᠨ ᠣᠳᠤ
— ᠠᠯᠳᠠᠷᠳᠤ ᠰᠢᠯᠦᠭ᠍ᠴᠢ ᠯ·ᠣᠳᠼᠠᠷ ᠲᠤ

《ᠠᠮᠢᠳᠤᠷᠠᠯ ᠤᠨ ᠦᠨᠡᠨ ᠣᠴᠢᠷ ᠰᠡᠳᠭᠢᠯ ᠳᠤ ᠡᠭᠦᠷᠢᠳᠡ ᠮᠥᠩᠭᠡᠷᠡᠳᠡᠭ᠌》 ᠭᠡᠳᠡᠭ᠍ᠴᠢᠯᠡᠨ ᠪᠣᠰᠤᠳ ᠲᠡᠶ ᠬᠠᠮᠳᠤᠷᠠᠨ ᠭᠡᠪᠯᠡᠭ᠍ᠰᠡᠨ ᠣᠯᠳᠤᠢ ᠠᠩᠬᠠᠨ ᠤ ᠰᠢᠯᠦᠭ᠌ ᠤᠨ ᠳᠡᠭᠦᠪᠦᠷᠢ 《ᠳᠡᠯ᠎ᠡ᠂ ᠮᠤᠩᠭ᠋ᠤᠯ᠂ ᠪᠢ》 ᠦᠪᠣᠷ ᠮᠤᠩᠭ᠋ᠤᠯ ᠤᠨ ᠰᠢᠡᠵᠢᠯᠡᠭᠦ ᠣᠬᠠᠭᠠᠨ ᠳᠸᠭ᠍ᠨᠢᠭ᠌ ᠮᠡᠷᠭᠡᠵᠢᠯ ᠤᠨ ᠭᠡᠪᠯᠡᠯ ᠤᠨ ᠬᠤᠷᠢᠶ᠎ᠠ ᠡᠴᠡ ᠭᠡᠪᠯᠡᠭ᠍ᠳᠡᠨ ᠦᠷᠭᠡᠨ ᠣᠯᠠᠨ ᠣᠩᠰᠢᠭᠴᠢᠳ ᠲᠡᠶ ᠨᠢᠭᠤᠷ ᠵᠤᠯᠭᠠᠵᠤ᠂ ᠨᠢᠭᠡᠨᠲᠡ ᠠᠷᠪᠠᠨ ᠬᠤᠶᠠᠷ ᠵᠢᠯ ᠤᠨ ᠨᠢᠭᠤᠷ ᠥᠵᠡᠭ᠍ᠰᠡᠨ ᠴᠤ ᠯ·ᠤᠳᠼᠠᠷ ᠭᠤᠸᠠᠢ ᠶᠢᠨ ᠳᠤᠰ ᠰᠢᠯᠦᠭ᠌ ᠤᠨ ᠳᠡᠭᠦᠪᠦᠷᠢ ᠳᠤ ᠪᠣᠯᠤᠭᠰᠠᠨ ᠬᠠᠷᠢᠭᠤᠴᠠᠯᠭ᠎ᠠ ᠲᠡᠶ ᠦᠨᠡᠨ ᠰᠡᠳᠭᠢᠯ ᠪᠠ ᠣᠢ᠌ᠯᠠ ᠠᠵᠢᠯᠯᠠᠭ᠎ᠠ ᠦᠴᠦᠭᠡᠳᠦᠷ ᠤᠨ ᠭᠡᠷᠡᠭ᠌ ᠶᠠᠪᠣᠳᠠᠯ ᠰᠢᠭ᠌ ᠨᠠᠳᠠᠳᠤ ᠪᠣᠳᠤᠭᠳᠠᠳᠠᠭ ᠪᠦᠭᠡᠳ ᠣᠮᠤᠭᠰᠢᠯ ᠪᠣᠯᠳᠠᠭ᠃

ᠯ·ᠤᠳᠼᠠᠷ ᠭᠤᠸᠠᠢ ᠲᠡᠶ ᠪᠢ ᠬᠡᠳᠦᠢ᠌ᠪᠡᠷ ᠣᠯᠠᠭᠠᠨ ᠨᠢᠭᠤᠷ ᠶᠢᠡᠷ ᠠᠭᠤᠯᠵᠠᠭᠰᠠᠨ ᠦᠭᠡᠶ ᠴᠤ ᠳᠡᠭᠡᠷ᠎ᠡ ᠵᠠᠭᠤᠨ ᠤ ᠨᠠᠶᠠᠭᠠᠤᠨ ᠣᠨ ᠤ ᠡᠭᠢᠨ ᠶᠢᠡᠷ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠳᠤ ᠣᠩᠰᠢᠵᠤ ᠪᠠᠢ᠌ᠬᠤ ᠳᠤ ᠪᠠᠨ ᠪᠦᠭᠦ ᠣᠯᠤᠰ ᠤᠨ ᠨᠢᠭᠡᠳᠦᠯᠳᠡᠢ ᠮᠤᠩᠭ᠋ᠤᠯ ᠭᠡᠯᠡ ᠪᠢᠴᠢᠭ᠌ ᠤᠨ ᠳᠠᠪᠳᠠᠷ ᠡᠴᠡ《ᠴᠠᠭᠢᠯᠳᠠᠭ》 ᠭᠡᠳᠡᠭ᠌ ᠨᠠᠢ᠌ᠷᠠᠭᠤᠯᠤᠯ ᠢ ᠰᠤᠷᠤᠭᠰᠠᠨ ᠪᠦᠭᠡᠳ ᠳᠡᠭᠦᠨ ᠤ ᠳᠤᠪᠴᠢ ᠨᠠᠮᠳᠠᠷ ᠢ ᠮᠡᠳᠡᠭ᠍ᠰᠡᠨ ᠶᠤᠮ᠃ ᠨᠠᠳᠠ ᠰᠢᠭ ᠰᠤᠷᠭᠠᠭᠤᠯᠢ ᠣᠩᠰᠢᠭᠰᠠᠨ ᠤᠢ᠌ᠷᠠᠤᠨ ᠤᠨ ᠭᠦᠪᠠᠭᠦᠨ ᠭᠡᠦᠭᠡᠨ ᠤ ᠣᠶᠤᠨ ᠳᠤ ᠮᠥᠩᠭᠡ ᠶᠢᠨ ᠬᠤᠨᠤᠭᠰᠢᠯ ᠪᠣᠯᠵᠤ ᠬᠤᠴᠤᠷᠤᠭᠰᠠᠨ ᠮᠠᠷᠳᠠᠭᠳᠠᠰᠢ ᠦᠭᠡᠶ ᠨᠠᠷ᠎ᠠ ᠪᠣᠯ ᠯ·ᠤᠳᠼᠠᠷ ᠶᠤᠮ᠃ ᠨᠠᠶᠠᠭᠠᠤᠨ ᠣᠨ ᠤ ᠠᠳᠠᠭ ᠡᠴᠡ ᠡᠭᠢᠯᠡᠵᠤ ᠣᠤᠠᠬ᠎ᠠ ᠵᠤᠬᠢᠶᠠᠯ ᠣᠷᠤᠯᠳᠤᠭᠰᠠᠨ ᠪᠢ ᠳᠤᠮᠳᠠᠳᠤ ᠭᠠᠳᠠᠭᠠᠳᠤ ᠶᠢᠨ ᠠᠷᠪᠢᠨ ᠵᠤᠬᠢᠶᠠᠯᠴᠢᠳ ᠤᠨ ᠵᠤᠬᠢᠶᠠᠯ ᠪᠦᠳᠦᠭᠡᠯ ᠢ ᠳᠡᠭᠡᠳᠦᠯᠡᠨ ᠣᠩᠰᠢᠵᠤ ᠰᠤᠨᠢᠷᠬᠠᠵᠤ ᠶᠠᠪᠣᠭᠰᠠᠨ ᠪᠦᠭᠡᠳ ᠯ·ᠤᠳᠼᠠᠷ ᠤᠨ《ᠬᠠᠢ᠌ᠷ᠎ᠠ ᠰᠡᠳᠭᠢᠯ ᠤᠨ ᠳᠠᠪᠠᠯᠭᠠᠨ》᠂ 《ᠡᠪᠠᠰᠤ ᠳᠡᠯᠡᠭᠡᠢ ᠬᠤᠶᠠᠷ》᠂ 《ᠯ·ᠤᠳᠼᠠᠷ ᠤᠨ ᠰᠢᠯᠦᠭ᠌ ᠤᠨ ᠰᠤᠩᠭ᠋ᠤᠮᠠᠯ》᠂ 《ᠯ·ᠤᠳᠼᠠᠷ ᠤᠨ ᠰᠢᠨ᠎ᠠ ᠰᠢᠯᠦᠭ᠌ ᠤᠨ ᠰᠤᠩᠭ᠋ᠤᠮᠠᠯ》᠂ 《ᠯ·ᠤᠳᠼᠠᠷ ᠤᠨ ᠣᠷᠤᠰᠢᠯ》 ᠵᠡᠷᠭᠡ ᠨᠤᠮ ᠪᠦᠳᠦᠭᠡᠯ ᠨᠤᠭᠤᠳ ᠢ ᠣᠩᠰᠢᠵᠤ ᠰᠤᠷᠤᠯᠴᠠᠵᠤ ᠪᠠᠢ᠌ᠭᠰᠠᠨ ᠤ ᠬᠠᠮᠳᠤ᠂ ᠯ·ᠤᠳᠼᠠᠷ ᠪᠠᠭᠰᠢ ᠶᠢᠨ ᠨᠠᠢ᠌ᠷᠠᠭᠤᠯᠵᠤ ᠪᠠᠢ᠌ᠭᠰᠠᠨ 《ᠰᠢᠷ᠎ᠠ ᠮᠦᠷᠡᠨ》 ᠰᠡᠳᠭᠦᠯ ᠳᠤ ᠰᠢᠯᠦᠭ᠌ ᠨᠠᠢ᠌ᠳᠠᠯᠠᠵᠤ ᠶᠠᠪᠣᠭᠰᠠᠨ ᠪᠠ ᠳᠡᠭᠦᠨ ᠤ ᠮᠤᠩᠭ᠋ᠤᠯ ᠠᠮᠢᠳᠤᠷᠠᠯ ᠡᠴᠡ ᠰᠠᠳᠤᠪᠯᠠᠵᠤ᠂ ᠮᠤᠩᠭ᠋ᠤᠯ ᠰᠡᠳᠭᠢᠭᠦᠢ ᠡᠴᠡ ᠡᠭᠦᠰᠴᠤ᠂ ᠮᠤᠩᠭ᠋ᠤᠯ ᠭᠦᠮᠤᠨ ᠤ ᠵᠤᠷᠢᠭ ᠰᠠᠨᠠᠭ᠎ᠠ ᠶᠢ ᠬᠠᠷᠠᠭᠤᠯᠤᠭᠰᠠᠨ ᠰᠡᠳᠭᠢᠯ ᠤᠨ ᠭᠢᠨᠢ ᠴᠤᠤᠷᠢᠶ᠎ᠠ ᠪᠣᠯᠤᠨ ᠰᠢᠯᠦᠭ᠌ ᠪᠦᠳᠦᠭᠡᠯ ᠨᠢ 《ᠮᠤᠩᠭ᠋ᠤᠯ ᠢᠷᠠᠭᠤ ᠨᠠᠢ᠌ᠷᠠᠭ》 ᠭᠡᠭᠦ ᠨᠤᠮ ᠳᠤᠳᠤᠷ᠎ᠠ ᠣᠯᠠᠨ ᠰᠤᠩᠭ᠋ᠤᠭᠳᠠᠭᠰᠠᠨ ᠪᠦᠭᠡᠳ ᠮᠤᠩᠭ᠋ᠤᠯ ᠤᠨ《ᠴᠤᠭ》 ᠰᠡᠳᠭᠦᠯ᠂ 《ᠬᠤᠳᠠᠯᠠ ᠴᠢᠭᠤᠯᠭᠠᠨ》 ᠰᠡᠳᠭᠦᠯ ᠳᠡᠭᠡᠷ᠎ᠡ ᠨᠠᠯᠢᠶᠠᠤᠨ ᠰᠤᠩᠭ᠋ᠤᠭᠳᠠᠨ ᠨᠡᠢ᠌ᠳᠡᠯᠡᠭ᠍ᠳᠡᠭ᠍ᠰᠡᠨ ᠤ ᠬᠠᠮᠳᠤ ᠮᠤᠩᠭ᠋ᠤᠯ ᠤᠨ ᠶᠡᠭᠡ ᠰᠢᠯᠦᠭ᠍ᠴᠢ ᠳ·ᠭᠠᠯᠰᠠᠩ᠂ ᠯ·ᠤᠳᠼᠠᠷ ᠢ《ᠦᠪᠣᠷ ᠮᠤᠩᠭ᠋ᠤᠯ ᠤᠨ ᠶᠡᠭᠡ ᠨᠠᠢ᠌ᠷᠠᠭᠴᠢ》 ᠭᠡᠭᠦ ᠦᠨᠡᠯᠠᠯᠳᠠ ᠣᠯᠭᠤᠭᠰᠠᠨ ᠠᠵᠠᠢ᠃ ᠯ·ᠤᠳᠼᠠᠷ ᠮᠤᠩᠭ᠋ᠤᠯ ᠰᠤᠶᠤᠯ ᠤᠨ ᠲᠦᠯᠦᠭᠡ᠂ ᠮᠠᠩᠨᠠᠢ ᠶᠢᠨ ᠭᠦᠯᠦᠰᠤ ᠪᠠᠨ ᠭᠦᠯ ᠤᠨ ᠳᠠᠪᠠᠭ ᠲᠤ ᠳᠦᠷᠭᠢᠵᠤ ᠪᠠᠢ᠌ᠭᠠᠤᠨ᠂ 《ᠰᠢᠷ᠎ᠠ ᠮᠦᠷᠡᠨ》 ᠰᠡᠳᠭᠦᠯ ᠢ ᠡᠭᠦᠰᠭᠡᠨ ᠪᠠᠢ᠌ᠭᠤᠯᠤᠭᠰᠠᠨ ᠤ ᠬᠠᠮᠳᠤ᠂ ᠨᠠᠷ᠎ᠠ ᠨᠠᠳᠠᠷᠠᠩ ᠳᠡᠭᠡᠨ ᠳᠤᠭᠢᠷᠠᠭᠰᠠᠨ ᠰᠡᠳᠭᠦᠯ ᠪᠣᠯᠭᠠᠨ ᠨᠠᠢ᠌ᠷᠠᠭᠤᠯᠵᠤ ᠶᠠᠪᠣᠭᠰᠠᠨ ᠨᠠᠢ᠌ᠷᠠᠭᠤᠯᠤᠭᠴᠢ ᠭᠦᠮᠤᠨ ᠭᠡᠳᠡᠭ᠌ ᠢ ᠳᠡᠭᠦᠨ ᠤ ᠣᠢ᠌ᠯᠠ ᠠᠵᠢᠯᠯᠠᠭ᠎ᠠ ᠶᠢ ᠳᠠᠨᠢᠯᠴᠠᠭᠤᠯᠤᠭᠰᠠᠨ ᠰᠤᠨᠢᠨ ᠰᠡᠳᠭᠦᠯ᠂ ᠨᠤᠮ ᠰᠤᠳᠤᠷ᠂ ᠳᠸᠯᠸᠢᠰ ᠡᠴᠡ ᠣᠯᠠᠠᠳᠠ ᠣᠢ᠌ᠯᠠᠭᠠᠭᠰᠠᠨ ᠪᠢᠯᠠ᠃ ᠳᠡᠭᠦᠨ ᠲᠡᠶ 1998 ᠣᠨ ᠤ 4 ᠰᠠᠷ᠎ᠠ ᠶᠢᠨ 13 ᠤ ᠡᠳᠦᠷ ᠤᠨ ᠣᠳᠠᠰᠤ ᠶᠢᠡᠷ ᠶᠠᠷᠢᠯᠴᠠᠭᠰᠠᠨ ᠥᠭᠡ ᠶᠠᠷᠢᠶ᠎ᠠ ᠪᠠ ᠠᠰᠪᠣᠷᠢ ᠴᠠᠢ᠌ᠯᠭᠠᠨ ᠰᠡᠳᠭᠢᠯ ᠮᠢᠨᠤ ᠣᠤᠠᠬ᠎ᠠ ᠵᠤᠬᠢᠶᠠᠯ ᠳᠤ ᠪᠣᠯᠤᠭᠰᠠᠨ ᠣᠷᠮ᠎ᠠ ᠶᠢᠨ ᠳᠤᠭ ᠳᠡᠮᠳᠡᠭ᠌ ᠪᠠ ᠵᠠᠮ ᠤᠨ ᠵᠥᠭᠯᠡᠭᠦᠷ ᠪᠣᠯᠵᠤ ᠰᠡᠳᠭᠢᠯ ᠤᠨ ᠭᠦᠨ ᠳᠤ ᠭᠡᠷᠡᠯᠳᠤ ᠴᠠᠮᠬᠠᠭ ᠪᠣᠯᠵᠤ ᠬᠤᠴᠤᠷᠤᠭᠰᠠᠨ ᠶᠤᠮ᠃

ᠭᠡᠷᠡᠭ᠌ ᠤᠨ ᠣᠴᠢᠷ ᠪᠣᠯ ᠪᠢ ᠠ᠊·ᠢᠯᠠᠯᠳᠠ ᠲᠡᠶ ᠬᠤᠶᠠᠭᠤᠯᠠ ᠬᠠᠮᠳᠤᠷᠠᠨ 1997 ᠣᠨ ᠳᠤ《ᠳᠤᠷᠭᠤᠳ ᠵᠡᠭᠦᠡᠰᠢ ᠪᠣᠴᠠᠵᠤ ᠢᠷᠡᠭ᠍ᠰᠡᠨ 226 ᠵᠢᠯ ᠤᠨ ᠣᠢ ᠪᠣᠯᠤᠨ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠪᠠᠢ᠌ᠭᠤᠯᠤᠭᠳᠠᠭᠰᠠᠨ 50 ᠵᠢᠯ ᠤᠨ ᠣᠢ》 ᠳᠤ ᠵᠤᠷᠢᠭᠤᠯᠵᠤ ᠦᠪᠡᠷ ᠤᠨ ᠪᠢᠴᠢᠭ᠍ᠰᠡᠨ ᠰᠢᠯᠦᠭ᠌ ᠡᠴᠡ ᠰᠢᠯᠢᠨ ᠰᠤᠩᠭ᠋ᠤᠵᠤ᠂ 《ᠳᠠᠯ᠎ᠠ᠂ ᠮᠤᠩᠭ᠋ᠤᠯ᠂ ᠪᠢ》 ᠭᠡᠳᠡᠭ᠌ ᠰᠢᠯᠦᠭ᠌ ᠤᠨ ᠳᠡᠭᠦᠪᠦᠷᠢ ᠶᠢᠨ ᠡᠭᠡ ᠨᠤᠤᠷᠠᠭ ᠢ ᠪᠡᠯᠡᠳᠭᠡᠨ᠂ ᠦᠪᠣᠷ ᠮᠤᠩᠭ᠋ᠤᠯ ᠤᠨ ᠣᠯᠠᠭᠠᠠᠬᠠᠳᠠ ᠬᠤᠳᠠ ᠶᠢᠨ ᠣᠤᠠᠬ᠎ᠠ ᠣᠷᠠᠯᠢᠭ ᠤᠨ ᠬᠤᠯᠪᠣᠭᠠᠨ ᠤ 《ᠰᠢᠷ᠎ᠠ ᠮᠦᠷᠢᠨ》 ᠰᠡᠳᠭᠦᠯ ᠤᠨ ᠨᠠᠢ᠌ᠷᠠᠭᠤᠯᠤᠭᠴᠢ ᠣ·ᠴᠤᠯᠮᠤᠨ᠂ ᠣᠳᠤ ᠳᠤᠰ ᠰᠡᠳᠭᠦᠯ ᠤᠨ ᠶᠡᠷᠦᠩᠭᠡᠢ ᠨᠠᠢ᠌ᠷᠠᠭᠤᠯᠤᠭᠴᠢ ᠲᠡᠶ ᠬᠠᠷᠢᠭᠤᠴᠠᠵᠤ ᠭᠡᠪᠠᠯᠡᠭᠦ ᠪᠠᠷ ᠳᠤᠭᠳᠠᠭᠠᠨ᠂ ᠡᠭᠡ ᠨᠤᠤᠷᠠᠭ ᠶᠢᠡᠨ 7 ᠰᠠᠷ᠎ᠠ ᠶᠢᠨ ᠡᠴᠦᠰ ᠶᠢᠠᠷ ᠶᠠᠪᠣᠭᠤᠯᠤᠭᠰᠠᠨ ᠤ ᠬᠠᠮᠳᠤ ᠴᠤᠯᠮᠤᠨ ᠶᠢᠠᠷ ᠳᠠᠮᠵᠢᠨ᠂ ᠯ·ᠤᠳᠼᠠᠷ ᠭᠤᠸᠠᠢ ᠪᠠᠷ ᠣᠷᠤᠰᠢᠯ ᠪᠢᠴᠢᠭᠦᠯᠭᠦ ᠰᠠᠨᠠᠯ ᠶᠢᠡᠨ ᠳᠤᠷᠠᠳᠤᠭᠰᠠᠨ ᠳᠤ ᠴᠤᠯᠮᠤᠨ ᠴᠤ ᠡᠭᠡ ᠪᠢᠴᠢᠭ᠌ ᠢ ᠯ·ᠤᠳᠼᠠᠷ ᠪᠠᠭᠰᠢ ᠳᠤ ᠳᠠᠮᠵᠢᠭᠤᠯᠤᠭᠰᠠᠨ ᠳᠤ ᠭᠦᠯᠢᠶᠡᠨ ᠠᠪᠴᠤ ᠵᠥᠪᠰᠢᠶᠡᠷᠡᠭᠡᠳ ᠬᠣᠢ᠌ᠨ᠎ᠠ ᠨᠢ ᠴᠤᠯᠮᠤᠨ ᠪᠣᠯ ᠯ·ᠤᠳᠼᠠᠷ ᠪᠠᠭᠰᠢ ᠶᠢᠨ ᠭᠦᠪᠠᠭᠦᠨ ᠭᠡᠳᠡᠭ᠌ ᠢ ᠮᠡᠳᠡᠭ᠍ᠰᠡᠨ ᠶᠤᠮ᠃ ᠠᠵᠢᠯ ᠤᠨ ᠠᠯᠪᠠ ᠨᠢ ᠶᠠᠭᠠᠷᠠᠤ ᠴᠤ ᠠᠯᠳᠠᠨ ᠪᠣᠯᠤᠭᠰᠠᠨ ᠴᠠᠭ ᠶᠢᠡᠨ ᠭᠠᠷᠭᠠᠵᠤ᠂ ᠪᠢᠳᠠᠨ ᠤ ᠰᠢᠯᠦᠭ᠌ ᠤᠨ ᠳᠡᠭᠦᠪᠦᠷᠢ ᠳᠤ《ᠮᠤᠩᠭ᠋ᠤᠯ ᠭᠡᠯᠡᠨ ᠤ ᠰᠠᠯᠭᠢᠨ ᠳᠤ ᠠᠯᠳᠠᠢ ᠶᠢᠨ ᠴᠢᠯᠠᠭᠤ ᠭᠦᠳᠡᠯᠦᠨ᠎ᠡ》 ᠭᠡᠳᠡᠭ᠌ ᠣᠷᠤᠰᠢᠯ ᠢ ᠪᠢᠴᠢᠵᠤ ᠦᠭ‍ᠭᠦᠭ᠍ᠰᠡᠨ ᠤ ᠬᠠᠮᠳᠤ᠂ ᠳᠡᠭᠦᠪᠦᠷᠢ ᠶᠢᠨ ᠴᠢᠨᠠᠷ ᠴᠢᠠᠰᠠᠭ᠎ᠠ ᠶᠢᠨ ᠲᠦᠯᠦᠭᠡ ᠰᠠᠨᠠᠭ᠎ᠠ ᠣᠷᠭᠢᠵᠤ ᠪᠠᠢ᠌ᠭᠰᠠᠨ ᠣᠴᠢᠷ ᠢ ᠮᠡᠳᠡᠭ᠍ᠰᠡᠨ ᠪᠢᠯᠠ᠃ ᠪᠢᠳᠠᠨ ᠤ 《ᠳᠠᠯ᠎ᠠ᠂ ᠮᠤᠩᠭ᠋ᠤᠯ᠂ ᠪᠢ》 ᠰᠢᠯᠦᠭ᠌ ᠤᠨ ᠳᠡᠭᠦᠪᠦᠷᠢ ᠴᠤ ᠳᠤᠰ ᠵᠢᠯ ᠤᠨ ᠦᠪᠣᠷ ᠮᠤᠩᠭ᠋ᠤᠯ ᠤᠨ ᠰᠢᠡᠵᠢᠯᠡᠭᠦ ᠣᠬᠠᠭᠠᠨ ᠳᠸᠭ᠍ᠨᠢᠭ᠌ ᠮᠡᠷᠭᠡᠵᠢᠯ ᠤᠨ ᠭᠡᠪᠯᠡᠯ ᠤᠨ ᠬᠤᠷᠢᠶ᠎ᠠ ᠡᠴᠡ ᠭᠡᠪᠯᠡᠭᠦ ᠲᠦᠯᠦᠪᠯᠡᠭᠡ ᠳᠤ ᠣᠷᠤᠵᠤ᠂ ᠳᠤᠰ ᠭᠡᠪᠠᠯᠡᠯ ᠤᠨ ᠬᠤᠷᠢᠶ᠎ᠠ ᠶᠢᠨ ᠨᠠᠢ᠌ᠷᠠᠭᠤᠯᠤᠭᠴᠢ ᠨᠠᠰᠤᠠᠪᠠᠳᠤ ᠨᠥᠭᠦᠷ ᠳᠤᠰ ᠨᠤᠮ ᠤᠨ ᠬᠠᠷᠢᠭᠤᠴᠠᠭᠰᠠᠨ ᠨᠠᠢ᠌ᠷᠠᠭᠤᠯᠤᠭᠴᠢ ᠪᠣᠯᠵᠤ᠂ 1998 ᠣᠨ ᠤ 3 ᠰᠠᠷ᠎ᠠ ᠶᠢᠨ ᠡᠴᠦᠰ ᠶᠢᠡᠷ ᠭᠡᠪᠠᠯᠡᠭ᠍ᠳᠡᠵᠤ᠂ ᠦᠷᠭᠡᠨ ᠣᠯᠠᠨ ᠣᠩᠰᠢᠭᠴᠢᠳ ᠲᠡᠶ ᠨᠢᠭᠤᠷ ᠵᠤᠯᠭᠠᠯ᠎ᠠ᠃ 《ᠳᠡᠭᠦᠪᠦᠷᠢ》 ᠭᠡᠪᠠᠯᠡᠭ᠍ᠳᠡᠭ᠍ᠰᠡᠨ ᠤ ᠬᠣᠢ᠌ᠨ᠎ᠠ ᠯ·ᠤᠳᠼᠠᠷ ᠭᠤᠸᠠᠢ ᠨᠢᠭᠡ ᠨᠤᠮ ᠠᠪᠴᠤ ᠳᠤᠰ ᠨᠤᠮ ᠳᠤ ᠭᠢᠨᠠᠯᠳᠠ ᠭᠢᠵᠤ᠂ ᠦᠪᠡᠷ ᠤᠨ ᠪᠢᠴᠢᠭ᠍ᠰᠡᠨ 《ᠣᠷᠤᠰᠢᠯ》 ᠤᠨ ᠳᠤᠳᠤᠷᠠᠭᠢ 《ᠳᠠᠷᠠ ᠵᠢᠯ ᠮᠠᠨ ᠤ ᠤᠢ᠌ᠷᠠᠤᠨ ᠤᠨ ᠨᠢᠭᠡ ᠵᠠᠯᠠᠭᠤ ᠠᠷᠢᠭᠢ ᠭᠡᠳᠦᠷᠡᠵᠤ᠁》 ᠭᠡᠰᠡᠨ ᠥᠭᠦᠯᠡᠪᠦᠷᠢ ᠳᠤᠳᠤᠷᠠᠭᠢ 《ᠮᠠᠨ ᠤ ᠤᠢ᠌ᠷᠠᠤᠨ》 ᠭᠡᠰᠡᠨ ᠥᠭᠡ ᠶᠢᠨ ᠭᠡᠪᠯᠡᠯ ᠤᠨ ᠠᠯᠳᠠᠭ᠎ᠠ ᠡᠴᠡ ᠪᠣᠯᠵᠤ 《ᠮᠠᠯ ᠤ ᠤᠢ᠌ᠷᠠᠤᠨ》 ᠪᠣᠯᠤᠨ ᠭᠡᠪᠠᠯᠡᠭ᠍ᠳᠡᠭ᠍ᠰᠡᠨ ᠣᠴᠢᠷ ᠢ ᠦᠵᠡᠨ ᠭᠠᠷᠭᠠᠵᠤ᠂ 1998 ᠣᠨ ᠤ 4 ᠰᠠᠷ᠎ᠠ ᠶᠢᠨ 13 ᠤ ᠡᠳᠦᠷ ᠤᠨ ᠦᠳᠡ ᠤᠨ ᠡᠮᠦᠨᠡᠭᠢ 6᠄ 30 ᠴᠠᠭ ᠳᠤ ᠮᠠᠨ ᠤ ᠭᠡᠷ ᠲᠤ ᠣᠳᠠᠰᠤ ᠢᠷᠡᠭ᠍ᠰᠡᠨ ᠳᠤ ᠠᠮᠳᠠᠳᠠᠢ ᠨᠣᠢ᠌ᠷ ᠲᠤ ᠪᠠᠨ ᠣᠠᠳᠠᠵᠤ ᠪᠠᠢ᠌ᠭᠰᠠᠨ(ᠰᠢᠠᠵᠢᠶᠠᠩ ᠵᠡᠭᠦᠨ ᠪᠠᠶ᠎ᠠ ᠡᠴᠡ ᠬᠤᠶᠠᠷ ᠴᠠᠭ ᠬᠣᠢ᠌ᠰᠢ ᠭᠡᠭᠡᠷᠡᠭᠦ ᠳᠤᠯᠠ) ᠪᠢ ᠭᠡᠨᠡᠳᠲᠡ ᠴᠤᠴᠢᠮᠠᠭ ᠰᠠᠷᠢᠵᠤ ᠶᠠᠭᠠᠭᠢᠭᠰᠠᠨ ᠡᠷᠳᠡ ᠢᠷᠠᠵᠤ ᠪᠠᠢ᠌ᠬᠤ ᠣᠳᠠᠰᠤ ᠪᠣᠢ ᠭᠡᠵᠤ ᠳᠤᠰᠬᠤ ᠳᠤ ᠦᠪᠣᠷ ᠮᠤᠩᠭ᠋ᠤᠯ ᠡᠴᠡ ᠢᠷᠡᠭ᠍ᠰᠡᠨ ᠯ·ᠤᠳᠼᠠᠷ ᠪᠠᠭᠰᠢ ᠶᠢᠨ ᠣᠳᠠᠰᠤ ᠠᠵᠠᠢ᠃ ᠯ·ᠤᠳᠼᠠᠷ ᠪᠠᠭᠰᠢ ᠨᠠᠳᠠ ᠲᠡᠶ ᠮᠠᠠᠳᠤᠯᠠᠵᠤ᠂ ᠴᠡᠪᠠᠭ᠍ᠵᠡᠪ ᠴᠢ ᠰᠢᠯᠦᠭ᠌ ᠤᠨ ᠳᠡᠭᠦᠪᠦᠷᠢ ᠪᠠᠨ ᠨᠠᠷᠢᠨ ᠥᠵᠡᠭ᠍ᠰᠡᠨ ᠦᠦ︖ ᠰᠢᠯᠦᠭ᠌ ᠤᠨ ᠳᠡᠭᠦᠪᠦᠷᠢ ᠳᠤ ᠮᠢᠨᠤ ᠪᠢᠴᠢᠭ᠍ᠰᠡᠨ ᠣᠷᠤᠰᠢᠯ ᠤᠨ《ᠮᠠᠨ ᠤ ᠤᠢ᠌ᠷᠠᠤᠨ》 ᠭᠡᠳᠡᠭ᠌ ᠥᠭᠡ 《ᠮᠠᠯ ᠤ ᠤᠢ᠌ᠷᠠᠤᠨ》 ᠪᠣᠯᠤᠨ ᠭᠡᠪᠯᠡᠭ᠍ᠳᠡᠭ᠍ᠰᠡᠨ ᠪᠠᠢ᠌ᠨ᠎ᠠ᠂ ᠪᠢ ᠨᠢᠭᠡ ᠰᠦᠨᠢ ᠣᠠᠳᠠᠵᠤ ᠴᠢᠳᠠᠭᠰᠠᠨ ᠦᠭᠡᠶ᠂ ᠤᠢ᠌ᠷᠠᠤᠨ ᠤᠨ ᠦᠷᠭᠡᠨ ᠣᠯᠠᠨ ᠣᠩᠰᠢᠭᠴᠢ ᠳᠤ ᠣᠰᠤᠯ ᠪᠣᠯᠤᠯ᠎ᠠ ᠭᠡᠵᠤ ᠶᠠᠷᠢᠯ᠎ᠠ᠂ ᠪᠢ ᠴᠤ ᠳᠡᠭᠦᠪᠦᠷᠢ ᠶᠢ ᠨᠠᠷᠢᠨ ᠥᠵᠡᠭ᠍ᠰᠡᠨ ᠦᠭᠡᠶ ᠣᠴᠢᠷ ᠶᠢᠡᠨ ᠭᠡᠯᠡᠵᠤ᠂ ᠯ·ᠤᠳᠼᠠᠷ ᠪᠠᠭᠰᠢ ᠶᠢᠨ ᠡᠢ᠌ᠮᠦᠷᠭᠦ ᠠᠰᠪᠣᠷᠢ ᠴᠠᠢ᠌ᠯᠭᠠᠨ ᠰᠡᠳᠭᠢᠯ ᠳᠤ ᠪᠢᠰᠢᠷᠠᠨ ᠠᠴᠢᠯᠠᠯ ᠮᠡᠳᠡᠭᠦᠯᠵᠤ᠂ ᠭᠡᠰᠡᠭ᠌ ᠣᠳᠠᠭᠠᠨ ᠶᠠᠷᠢᠯᠴᠠᠭᠰᠠᠨ ᠪᠢᠯᠠ᠃ ᠳᠤᠰ ᠡᠳᠦᠷ ᠤᠨ 8᠄ 30 ᠴᠠᠭ ᠲᠤ 《ᠳᠡᠭᠦᠪᠦᠷᠢ》 ᠶᠢᠨ ᠬᠠᠷᠢᠭᠤᠴᠠᠭᠰᠠᠨ ᠨᠠᠢ᠌ᠷᠠᠭᠤᠯᠤᠭᠴᠢ ᠨᠠᠰᠤᠠᠪᠠᠳᠤ ᠨᠥᠭᠦᠷ ᠡᠴᠡ ᠣᠳᠠᠰᠤ ᠢᠷᠠᠵᠤ᠂ ᠯ·ᠤᠳᠼᠠᠷ ᠪᠠᠭᠰᠢ ᠨᠠᠳᠠ ᠶᠢ ᠨᠠᠯᠢᠶᠠᠤᠨ ᠰᠢᠭᠦᠮᠵᠢᠯᠡᠭ᠍ᠰᠡᠨ ᠪᠦᠭᠡᠳ ᠤᠢ᠌ᠷᠠᠤᠨ ᠤᠨ ᠣᠩᠰᠢᠭᠴᠢᠳ ᠳᠠᠨᠠᠷ ᠤᠨ ᠭᠡᠪᠯᠡᠯ ᠤᠨ ᠠᠯᠳᠠᠭ᠎ᠠ ᠡᠴᠡ ᠪᠣᠯᠤᠭᠰᠠᠨ ᠥᠭᠡ ᠶᠢᠨ ᠪᠣᠷᠤᠭᠤ ᠪᠢᠴᠢᠯᠭᠡ ᠶᠢ ᠣᠩᠰᠢᠭᠴᠢᠳ ᠪᠣᠷᠤᠭᠤ ᠪᠠᠷ ᠣᠢ᠌ᠯᠠᠭᠠᠪᠠᠯ ᠭᠡᠴᠢᠨᠡᠨ ᠶᠡᠭᠡ ᠬᠤᠭᠢᠷᠠᠯ ᠪᠣᠢ᠂ ᠳᠠᠨ ᠤ ᠭᠡᠪᠯᠡᠯ ᠤᠨ ᠬᠤᠷᠢᠶ᠎ᠠ ᠳᠤ ᠳᠠᠭᠢᠵᠤ ᠥᠭᠡᠷ᠎ᠡ ᠭᠦᠮᠤᠨ ᠨᠤᠮ ᠶᠢᠡᠨ ᠭᠡᠪᠯᠡᠭᠦᠯᠭᠦ ᠦᠦ︖ ᠴᠢ ᠵᠤᠬᠢᠶᠠᠭᠴᠢ ᠳᠤ ᠦᠪᠡᠷ ᠤᠨ ᠠᠯᠳᠠᠭ᠎ᠠ ᠪᠠᠨ ᠳᠤᠳᠤᠷᠬᠠᠢ᠌ᠯᠠᠵᠤ᠂ ᠡᠷᠭᠡᠪᠢᠰᠢ ᠳᠤᠰ ᠥᠰᠦᠭ᠌ ᠲᠤ ᠵᠠᠯᠠᠭᠤᠷᠠᠯ ᠭᠢᠵᠤ᠂ ᠪᠣᠷᠤᠭᠤ ᠪᠠᠨ ᠭᠦᠯᠢᠶᠡᠭᠦ ᠭᠡᠷᠡᠭ᠍ᠳᠡᠢ ᠭᠡᠵᠤ ᠵᠠᠭᠢᠭᠰᠠᠨ ᠶᠤᠮ᠃ ᠪᠢᠳᠠᠨ ᠤ ᠭᠡᠪᠯᠡᠯ ᠤᠨ ᠠᠯᠳᠠᠭ᠎ᠠ ᠡᠴᠡ ᠪᠤᠯᠪᠠ》 ᠭᠡᠵᠤ ᠭᠡᠷᠡᠭ᠌ ᠢ ᠳᠤᠳᠤᠷᠬᠠᠢ᠌ᠯᠠᠭᠰᠠᠨ ᠶᠤᠮ᠃ ᠡᠨᠡ ᠭᠦ ᠭᠡᠪᠯᠡᠯ ᠤᠨ ᠠᠯᠳᠠᠭ᠎ᠠ ᠡᠴᠡ ᠪᠣᠯᠵᠤ ᠥᠰᠦᠭ᠌ ᠪᠣᠷᠤᠭᠤᠳᠠᠭᠰᠠᠨ ᠣᠴᠢᠷ ᠪᠣᠯᠪᠠᠴᠤ ᠯ·ᠤᠳᠼᠠᠷ ᠪᠠᠭᠰᠢ ᠶᠢᠨ ᠳᠡᠭᠡᠳᠤ ᠭᠡᠮᠵᠢᠶᠡᠨ ᠤ ᠬᠠᠷᠢᠭᠤᠴᠠᠯᠭ᠎ᠠ ᠲᠡᠶ ᠠᠵᠢᠯ ᠤᠨ ᠭᠡᠪ ᠰᠤᠷᠳᠠᠯ ᠪᠠ ᠦᠨᠳᠦᠰᠦᠳᠠᠨ ᠳᠡᠭᠡᠨ ᠪᠣᠯᠤᠭᠰᠠᠨ ᠬᠠᠢ᠌ᠷ᠎ᠠ ᠰᠡᠳᠬᠢᠯᠭᠡ ᠭᠡᠴᠢᠨᠡᠨ ᠡᠷᠭᠢᠮ ᠳᠡᠭᠡᠳᠤ ᠪᠣᠢ ᠭᠡᠵᠤ ᠪᠢ ᠪᠣᠳᠤᠳᠠᠭ᠃

ᠳᠡᠭᠦᠨ ᠤ ᠡᠨᠡᠭᠦ ᠣᠢ᠌ᠯᠠ ᠠᠵᠢᠯᠯᠠᠭ᠎ᠠ ᠨᠢ ᠮᠢᠨᠤ ᠣᠤᠠᠬ᠎ᠠ ᠵᠤᠬᠢᠶᠠᠯ ᠳᠤ ᠪᠣᠯᠤᠭᠰᠠᠨ ᠣᠷᠮ᠎ᠠ ᠶᠢ ᠣᠯᠠᠮ ᠴᠤ ᠳᠠᠳᠠᠬᠤ ᠭᠦᠴᠤᠨ ᠲᠡᠶ ᠪᠣᠯᠭᠠᠵᠤ᠂ ᠰᠡᠳᠭᠢᠯ ᠤᠨ ᠭᠦᠨ ᠳᠤ ᠬᠤᠨᠤᠰᠢᠭᠰᠠᠨ ᠪᠦᠭᠡᠳ ᠨᠠᠳᠠ ᠰᠢᠭ᠌ ᠡᠡᠭ᠌ ᠤᠨ ᠪᠢᠴᠢᠭᠳᠡᠨ ᠳᠤ ᠨᠤᠮ ᠤᠨ ᠰᠥᠰᠦᠭ᠌ ᠶᠢᠡᠷ ᠦᠨᠦᠳᠤᠷ ᠭᠦᠷᠳᠡᠯ᠎ᠡ ᠭᠡᠷᠡᠯᠳᠦᠭ᠍ᠰᠡᠭᠡᠷ᠁


2009 ᠣᠨ ᠤ 7 ᠰᠠᠷ᠎ᠠ ᠤᠨ 13 ᠊ᠤ ᠡᠳᠦᠷ ᠡᠴᠡ 19 ᠊ᠤ ᠡᠳᠦᠷ ᠭᠦᠷᠳᠡᠯ᠎ᠡ ᠪᠠᠯᠭᠠᠠᠳᠠᠢ ᠳᠤ ᠪᠢᠴᠢᠪᠠ᠃



ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠾᠸᠵᠢᠩ ᠰᠢᠶᠠᠨ ᠤ ᠣᠢ ᠰᠢᠭᠤᠢ ᠤᠨ ᠳᠤᠪᠴᠢᠶ᠎ᠠ

ᠵᠤᠬᠢᠶᠠᠭᠴᠢ᠄ ᠳ᠋ᠤ᠋·ᠴᠡᠪᠠᠭ᠍ᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6180
ᠴᠠᠭ᠄ 2010 ᠤᠨ ᠤ 05 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ