ᠨᠡᠪᠲᠡᠷᠡᠨ ᠤᠷᠤᠬᠤ
ᠴᠢᠨᠤ ᠶᠠᠪᠣᠭᠰᠠᠨ ᠮᠦᠷ

ᠨᠢᠳᠤᠨ ᠡᠴᠡ ᠴᠢᠨᠢ ᠳᠤᠭᠤᠯᠠᠩ ᠨᠢᠯᠪᠣᠰᠤ ᠣᠨᠠᠭᠰᠠᠨ ᠨᠢ

ᠴᠢᠨᠤ ᠶᠠᠪᠣᠭᠰᠠᠨ ᠮᠦᠷ ᠪᠠᠢ᠌ᠨ᠎ᠠ

ᠨᠢᠴᠦᠭᠦᠨ ᠮᠤᠳᠤᠨ ᠤ ᠮᠦᠴᠢᠷ ᠲᠤ ᠭᠠᠭᠴᠠ ᠨᠠᠪᠴᠢ ᠳᠡᠭᠦᠵᠢᠯᠡᠭ᠍ᠳᠡᠭᠦ ᠨᠢ

ᠴᠢᠨᠤ ᠠᠮᠢᠯᠠᠭᠰᠠᠨ ᠬᠠᠢ᠌ᠷ᠎ᠠ ᠪᠠᠢ᠌ᠨ᠎ᠠ᠃

ᠰᠢᠷᠬᠠᠭᠳᠠᠭᠰᠠᠨ ᠪᠠᠭᠠᠳᠤᠷ ᠰᠢᠭ ᠰᠢᠨᠤᠯᠠᠨ

ᠳᠤᠷᠠᠯᠠᠯ ᠳᠠᠭᠠᠨ ᠬᠠᠯᠠᠭᠤᠷᠴᠤ

ᠱᠠᠮᠫᠯᠢᠩ ᠤᠨ ᠣᠷᠤᠨ ᠭᠡᠵᠤ ᠠᠠᠳᠤᠭᠤᠷᠠᠨ

ᠴᠢ ᠨᠠᠳᠠ ᠳᠡᠭᠡᠭᠦᠷ ᠶᠠᠪᠣᠵᠤ ᠥᠩᠭᠡᠷᠡᠭ᠍ᠰᠡᠨ ᠪᠠᠢ᠌ᠨ᠎ᠠ᠃

ᠬᠠᠷᠠᠴᠠ ᠤ ᠮᠢᠨᠢ ᠰᠡᠭᠦᠳᠡᠷ ᠲᠤ ᠰᠡᠷᠢᠭᠦᠴᠡᠵᠤ

ᠬᠠᠯᠠᠭᠤᠷᠠᠬᠤ ᠳᠤ ᠮᠢᠨᠢ ᠪᠦᠯᠢᠶᠡᠰᠦᠴᠤ

ᠬᠠᠷᠠᠭ᠎ᠠ ᠠᠯᠳᠠᠷᠴᠤ ᠬᠠᠢ᠌ᠷ᠎ᠠ ᠳᠠᠭᠠᠨ ᠳᠠᠷᠤᠭᠤᠯᠤᠭᠰᠠᠨ

ᠭᠡᠦᠭᠡᠨ ᠭᠦᠮᠤᠨ ᠤ ᠵᠢᠷᠦᠭᠡᠨ ᠳᠤᠮᠳᠠᠭᠤᠷ

ᠴᠢ ᠶᠠᠪᠣᠵᠤ ᠥᠩᠭᠡᠷᠡᠭ᠍ᠰᠡᠨ ᠪᠠᠢ᠌ᠨ᠎ᠠ᠃

ᠮᠠᠩᠨᠠᠢ ᠳᠤ ᠮᠢᠨᠢ ᠭᠤᠷᠪᠠᠨ ᠵᠢᠷᠤᠭᠠᠰᠤ ᠳᠤᠳᠤᠷᠠᠭᠰᠠᠨ ᠨᠢ

ᠮᠠᠭᠠᠤᠨ᠂ ᠴᠢᠨᠤ ᠶᠠᠪᠣᠭᠰᠠᠨ ᠮᠦᠷ ᠪᠠᠢ᠌ᠨ᠎ᠠ᠃

ᠪᠠᠯ ᠳᠤ ᠰᠢᠨᠤᠬᠤ ᠡᠷᠪᠠᠭᠡᠢ ᠰᠢᠭ᠌

ᠠᠭᠠᠯᠢᠨ ᠳᠤ ᠰᠤᠭᠳᠤᠵᠤ

ᠪᠦᠵᠢᠭ᠌ ᠤᠨ ᠳᠠᠩᠭᠢᠮ ᠠᠠᠳᠤᠭᠤᠷᠠᠨ

ᠪᠦᠳᠦᠷᠢᠵᠤ ᠪᠣᠰᠴᠤ ᠶᠠᠪᠣᠭᠰᠠᠨ ᠪᠠᠢ᠌ᠨ᠎ᠠ ᠨᠠᠳᠠ ᠳᠡᠭᠡᠭᠦᠷ

ᠢᠨᠢᠶᠠᠳᠤ ᠶᠢᠨ ᠮᠢᠨᠢ ᠡᠭᠡᠰᠢᠭ᠌ ᠲᠤ ᠬᠤᠷᠤᠭᠳᠠᠵᠤ

ᠶᠡᠭᠡᠮᠦᠰᠭ᠌ ᠲᠤ ᠮᠢᠨᠢ ᠳᠠᠳᠠᠭᠳᠠᠵᠤ

ᠢᠵᠢᠯᠢ ᠪᠠᠨ ᠥᠭᠡᠢ᠌ᠯᠡᠵᠤ ᠬᠠᠢ᠌ᠷ᠎ᠠ ᠭᠦᠯᠢᠶᠡᠭ᠍ᠰᠡᠨ

ᠶᠡᠭᠡ ᠭᠦᠮᠤᠨ ᠤ ᠳᠠᠷᠢᠭᠢᠨ ᠳᠤᠮᠳᠠᠭᠤᠷ ᠶᠠᠪᠣᠵᠤ ᠥᠩᠭᠡᠷᠡᠭ᠍ᠰᠡᠨ ᠪᠠᠢ᠌ᠨ᠎ᠠ ᠴᠢ᠃

ᠵᠤᠬᠢᠶᠠᠭᠴᠢ᠄ ᠱᠠ᠊·ᡀᠠᠮᠤᠨᠤᠷᠵᠢᠮ᠎ᠠ
ᠢᠷᠡᠯᠲᠡ᠄ ᠮᠢ᠊·ᠨᠠᠷᠠᠨ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 2825
ᠴᠠᠭ᠄ 2009 ᠤᠨ ᠤ 01 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ