☆ ᠪᠠ᠊·ᠪᠠᠯᠮᠠᠳᠤᠷᠵᠢ
ᠰᠢᠷ᠎ᠠ ᠳᠠᠯ᠎ᠠ
ᠡᠷᠳᠡ ᠣᠷᠢᠳᠤ ᠶᠢᠨ ᠴᠠᠭ ᠲᠤ
ᠡᠨᠡ ᠳᠡᠯᠡᠭᠡᠢ ᠶᠢᠨ ᠡᠯᠢᠭᠡᠨ ᠥᠭᠡᠳᠡᠰᠤ ᠭᠡᠮᠡᠷ
ᠡᠯᠡᠷ ᠪᠠᠯᠠᠷ ᠰᠢᠷ᠎ᠠ ᠳᠠᠯ᠎ᠠ ᠶᠢᠨ ᠡᠭᠢᠨ ᠳᠤ
ᠡᠭᠡᠯ ᠵᠢᠷ ᠤᠨ ᠨᠢᠭᠡ ᠡᠷ᠎ᠡ
ᠡᠩᠭᠡ ᠳᠠᠢ᠌ᠪᠣᠩ ᠵᠢᠴᠢ
ᠡᠭᠡ ᠣᠷᠤᠨ ᠤ ᠪᠠᠨ ᠳᠦᠯᠦᠭᠡ ᠴᠡᠷᠢᠭ᠌ ᠲᠤ ᠮᠤᠷᠳᠠᠵᠤ ᠶᠠᠪᠣᠭᠠᠤᠨ
ᠡᠷᠭᠢᠵᠤ ᠪᠣᠴᠠᠵᠤ ᠢᠷᠡᠭ᠍ᠰᠡᠨ ᠦᠭᠡᠶ ᠭᠡᠳᠡᠭ᠌᠃
ᠣᠨ ᠵᠢᠯ ᠣᠷᠴᠢᠵᠤ ᠦᠨᠦ ᠪᠣᠯᠤᠯ᠎ᠠ
ᠣᠯᠠᠷᠢᠯ ᠳᠠᠭᠠᠨ ᠭᠠᠩᠳᠠᠬᠤ ᠰᠢᠷ᠎ᠠ ᠳᠠᠯ᠎ᠠ ᠳᠤ
ᠣᠶᠠᠩᠭ᠋᠎ᠠ ᠭᠤᠨᠢᠭ ᠤᠨ ᠡᠢ᠌ᠮᠤ ᠨᠢᠭᠡ ᠳᠠᠭᠤᠤ ᠳᠡᠯᠭᠡᠷᠡᠵᠤ
ᠣᠯᠠᠨ ᠤ ᠬᠤᠭᠤᠯᠠᠢ ᠳᠤ ᠳᠠᠭᠤᠯᠠᠭᠳᠠᠯᠠ᠂ ᠣᠭᠢᠯᠠᠭᠳᠠᠯᠠ᠃
ᠭᠦᠤ ᠳᠡᠭᠡᠨ ᠵᠤᠯᠭᠠᠵᠤ ᠴᠢᠳᠠᠭᠰᠠᠨ ᠦᠭᠡᠶ ᠲᠦᠷᠦᠯ ᠤᠨ ᠰᠠᠤᠠᠭᠢᠯ ᠭᠡᠭ᠍ᠴᠢ
ᠭᠦᠷᠡᠩ ᠣᠯᠠᠭᠠᠨ ᠴᠢᠰᠤᠳᠠᠢ ᠳᠠᠭᠤᠤ ᠵᠠᠭᠢᠶᠠᠨ ᠳᠤ ᠥᠭᠦᠭᠡᠤᠨ ᠠᠮᠢᠯᠠᠪᠠ
ᠭᠦᠢᠳᠡᠨ ᠣᠷᠴᠢᠯᠠᠩ ᠤᠨ ᠬᠠᠯᠠᠭᠤᠨ ᠳᠠᠢ᠌ᠨ ᠳᠤ ᠥᠷᠡᠭ᠍ᠳᠡᠭᠦ
ᠭᠦᠮᠤᠨ ᠤ ᠦᠷ᠎ᠡ ᠨᠢ ᠰᠢᠷ᠎ᠠ ᠳᠠᠯ᠎ᠠ ᠪᠠᠨ ᠰᠠᠷ᠎ᠠ ᠲᠡᠶ ᠬᠤᠨᠤᠭᠤᠯᠪᠠ᠃
ᠰᠠᠢ᠌ᠨ ᠡᠷ᠎ᠡ ᠶᠢᠨ ᠴᠢᠰᠤᠨ ᠳᠤ ᠳᠡᠪᠳᠦᠭ᠍ᠰᠡᠨ ᠰᠢᠷ᠎ᠠ ᠳᠠᠯ᠎ᠠ
ᠰᠠᠠᠰᠠᠷ ᠤᠨ ᠳᠤᠤᠷ᠎ᠠ ᠳᠤᠭᠤᠰᠤ ᠪᠠᠷ ᠣᠳᠤ ᠶᠠᠭᠤᠨ ᠳᠤ ᠰᠠᠯᠭᠢᠯᠠᠪᠠ︖
ᠰᠠᠨᠠᠭ᠎ᠠ ᠰᠠᠤᠠᠭᠢᠯ ᠤᠨ ᠡᠨᠡᠭᠦ ᠭᠠᠵᠠᠷ ᠰᠢᠷᠤᠢ
ᠰᠢᠷᠬ᠎ᠠ ᠲᠡᠶ ᠵᠡᠭᠡᠷ᠎ᠡ ᠶᠢᠨ ᠴᠢᠰᠤᠨ ᠳᠤ ᠶᠠᠭᠤᠨ ᠳᠤ ᠬᠠᠳᠠᠪᠠ︖
ᠪᠢ ᠪᠠᠶ᠎ᠠ ᠡᠴᠡ ᠪᠠᠨ ᠠᠰᠠᠭᠤᠶ᠎ᠠ
ᠪᠢᠴᠢᠭ᠌ ᠰᠤᠶᠤᠯ ᠤᠨ ᠴᠠᠭᠠᠨ ᠮᠦᠷ ᠶᠢᠡᠷ ᠳᠠᠨᠠᠷ ᠡᠴᠡ ᠠᠰᠠᠭᠤᠶ᠎ᠠ︕
ᠭᠦᠪᠠᠭᠡ ᠦᠭᠡᠶ ᠨᠡᠯᠥᠢᠭᠦ ᠰᠢᠷ᠎ᠠ ᠳᠠᠯ᠎ᠠ ᠥᠩᠭᠡᠷᠡᠭ᠍ᠰᠡᠨ ᠳᠤ
ᠭᠦᠷᠦᠰᠤ ᠰᠢᠮᠡᠯᠡᠭ᠌ ᠡᠪᠠᠰᠤ ᠰᠤᠷᠭᠤᠭ ᠪᠠᠢ᠌ᠯ᠎ᠠ ᠭᠡᠳᠡᠭ᠌
ᠭᠦᠪᠦᠯᠵᠡᠭᠦ ᠵᠡᠷᠭᠡᠯᠭᠡᠨ ᠭᠦᠷᠢᠶᠡᠯᠡᠭᠦ ᠠᠭᠤᠯᠠᠰ ᠨᠢ
ᠭᠦᠮᠤᠨ ᠤ ᠬᠤᠷᠸ᠎ᠠ ᠳᠤ ᠡᠮᠨᠢᠭ᠌ ᠶᠢᠡᠷ ᠴᠤ ᠪᠠᠢ᠌ᠯ᠎ᠠ ᠭᠡᠳᠡᠭ᠌᠃
ᠣᠨ ᠵᠢᠯ ᠤᠨ ᠣᠷᠳᠤ ᠶᠡᠭᠡ ᠣᠷᠤᠰᠬᠠᠯ ᠳᠤ
ᠥᠩᠭᠡ ᠭᠡᠭᠡᠭ᠍ᠳᠡᠵᠤ ᠰᠢᠷ᠎ᠠ ᠳᠠᠯ᠎ᠠ ᠬᠤᠪᠠᠬᠠᠢ᠌ᠷᠠᠪᠠ
ᠦᠯᠦᠨ ᠬᠤᠪᠳᠤᠭ ᠭᠠᠰᠢᠭᠤᠨ ᠭᠠᠢ ᠳᠤ
ᠪᠦᠯᠢᠭ᠍ᠳᠡᠵᠤ ᠰᠢᠷ᠎ᠠ ᠳᠠᠯ᠎ᠠ ᠰᠢᠷᠬᠠᠳᠤᠪᠠ᠃
ᠰᠢᠷ᠎ᠠ ᠳᠠᠯ᠎ᠠ ᠡᠭᠡ ᠣᠷᠤᠨ ᠤ ᠭᠦᠷᠦᠰᠤ ᠪᠠᠢ᠌ᠭᠰᠠᠨ ᠳᠤ
ᠱᠠᠭᠰᠢᠭ ᠰᠤᠯᠢ ᠨᠢ ᠣᠶᠠᠩᠭ᠋᠎ᠠ ᠶᠢᠨ ᠱᠤᠤᠭᠢᠶ᠎ᠠ ᠲᠡᠶ ᠪᠠᠢ᠌ᠪᠠ
ᠰᠢᠷ᠎ᠠ ᠳᠠᠯ᠎ᠠ ᠡᠨᠡ ᠪᠠᠶ᠎ᠠ ᠶᠢᠨ ᠮᠢᠨᠢ ᠳᠡᠯᠡᠭᠡᠢ ᠪᠠᠢ᠌ᠭᠰᠠᠨ ᠡᠴᠡ
ᠰᠢᠷᠠᠯᠠᠰᠢ ᠦᠭᠡᠶ ᠮᠥᠩᠭᠡ ᠶᠢᠨ ᠠᠮᠢ ᠲᠡᠶ ᠪᠠᠢ᠌ᠪᠠ᠃
ᠰᠢᠷ᠎ᠠ ᠳᠠᠯ᠎ᠠ ᠡᠴᠡ ᠳᠡᠦᠭᠡ ᠬᠠᠭᠤᠴᠢ ᠣᠯᠤᠨ᠎ᠠ ᠭᠡᠵᠤ
ᠪᠢᠷ ᠥᠵᠦᠭ᠌ ᠮᠢᠨᠢ ᠡᠷᠢᠯ ᠤᠨ ᠬᠠᠷᠠᠭᠤᠯ ᠲᠡᠶ ᠶᠠᠪᠣᠪᠠ
ᠰᠢᠷ᠎ᠠ ᠳᠠᠯ᠎ᠠ ᠡᠴᠡ ᠴᠢᠰᠤᠨ ᠭᠤᠨᠢᠭ ᠥᠵᠡᠭᠦ ᠦᠭᠡᠶ ᠭᠡᠵᠤ
ᠪᠠᠶ᠎ᠠ ᠰᠠᠤᠠᠭᠢᠯ ᠮᠢᠨᠢ ᠡᠩᠭᠡ ᠶᠢᠨ ᠭᠦᠰᠡᠯ ᠲᠡᠶ ᠠᠮᠢᠳᠤᠷᠠᠪᠠ᠃
ᠰᠢᠷ᠎ᠠ ᠳᠠᠯ᠎ᠠ᠂ ᠰᠢᠷ᠎ᠠ ᠳᠠᠯ᠎ᠠ
ᠰᠠᠨᠠᠭ᠎ᠠ ᠵᠤᠪᠠᠬᠤ ᠳᠠᠭᠠᠨ ᠴᠢᠮ᠎ᠠ ᠶᠢ ᠳᠠᠭᠤᠯᠠᠵᠤ ᠰᠤᠷᠪᠠ
ᠰᠠᠷ᠎ᠠ ᠨᠠᠷᠠ ᠲᠡᠶ ᠬᠤᠷᠸ᠎ᠠ ᠳᠤ ᠪᠠᠭᠳᠠᠯᠴᠠᠬᠤ ᠳᠠᠭᠠᠨ
ᠰᠠᠠᠰᠠᠷ ᠤᠨ ᠳᠤᠤᠷ᠎ᠠ ᠴᠢᠮ᠎ᠠ ᠶᠢ ᠳᠤᠷᠠᠰᠪᠠ᠃
ᠰᠢᠷ᠎ᠠ ᠳᠠᠯ᠎ᠠ ᠴᠢ
ᠰᠠᠢ᠌ᠬᠠᠨ ᠡᠵᠢ ᠶᠢᠨ ᠨᠢᠭᠡ ᠦᠷ᠎ᠡ ᠶᠢ ᠡᠯᠢᠭᠡᠨ ᠳᠡᠭᠡᠨ ᠪᠣᠩᠬᠤᠯᠠᠪᠠ
ᠰᠠᠨᠠᠭ᠎ᠠ ᠰᠠᠤᠠᠭᠢᠯ ᠤᠨ ᠭᠦᠮᠤᠨ ᠮᠦᠰᠤ ᠪᠠᠷ ᠪᠢ
ᠰᠢᠷ᠎ᠠ ᠳᠠᠯ᠎ᠠ ᠴᠢᠨᠤ ᠡᠯᠡᠭ᠍ᠳᠡᠯ ᠳᠤ ᠭᠠᠰᠢᠭᠤᠳᠠᠪᠠ᠃
ᠵᠤᠬᠢᠶᠠᠭᠴᠢ᠄ ᠪᠠ᠊·ᠪᠠᠯᠮᠠᠳᠤᠷᠵᠢ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 3356
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ