ᠨᠡᠪᠲᠡᠷᠡᠨ ᠤᠷᠤᠬᠤ
ᠬᠠᠢ᠌ᠷ᠎ᠠ ᠬᠠᠭᠤᠴᠢᠷᠠᠬᠤ ᠥᠭᠡᠢ

ᠰᠡᠪᠳᠦᠭᠡ ᠦᠭᠡᠶ ᠣᠩᠭ᠋ᠤᠨ ᠬᠠᠢ᠌ᠷ᠎ᠠ ᠮᠢᠨᠢ

ᠪᠣᠷᠤᠭᠤ ᠦᠭᠡᠶ ᠡᠴᠡ ᠬᠣᠢ᠌ᠨ᠎ᠠ

ᠰᠡᠳᠭᠢᠯ ᠠᠯᠳᠠᠨ ᠳᠤᠷᠯᠠᠭᠰᠠᠨ ᠶᠢᠡᠨ

ᠪᠣᠰᠤᠳ ᠡᠴᠡ ᠪᠢ ᠨᠢᠭᠤᠬᠤ ᠦᠭᠡᠶ᠂

ᠭᠦᠭᠡᠷᠦᠭᠦᠨ ᠦᠬᠢᠨ ᠵᠠᠶᠠᠭ᠎ᠠ ᠶᠢ ᠴᠢᠨᠢ

ᠭᠠᠮᠨᠠᠵᠤ ᠨᠠᠰᠤ ᠪᠠᠷ ᠶᠢᠡᠨ ᠡᠩᠭᠦᠷᠡᠢ᠌ᠯᠡᠨ

ᠭᠦᠷᠡᠩ ᠵᠢᠷᠦᠭᠡᠨ ᠤ ᠬᠠᠢ᠌ᠷ᠎ᠠ ᠪᠠᠨ

ᠭᠠᠭᠴᠠᠬᠠᠨ ᠴᠢᠮ᠎ᠠ ᠡᠴᠡ ᠪᠠᠨ ᠬᠠᠷᠠᠮᠨᠠᠬᠤ ᠦᠭᠡᠶ᠃

ᠢᠨᠠᠭᠰᠢᠬᠤ ᠠᠮᠢᠳᠤᠷᠠᠯ ᠤᠨ ᠵᠢᠷᠭᠠᠯ ᠢ

ᠳᠡᠩᠴᠡᠭᠦᠤ ᠬᠤᠪᠢᠶᠠᠯᠴᠠᠨ ᠡᠳ᠋ᠯᠡᠯᠴᠡᠵᠤ

ᠢᠷᠦᠭᠡᠯ ᠶᠢᠡᠷ ᠣᠴᠠᠷᠠᠭᠰᠠᠨ ᠳᠠᠪᠢᠯᠠᠩ ᠶᠢᠡᠨ

ᠳᠠᠷᠰᠠᠯᠠᠵᠤ ᠪᠢ ᠭᠤᠳᠤᠭᠠᠬᠤ ᠦᠭᠡᠶ᠂

ᠣᠶᠠᠷᠠᠬᠤ ᠵᠢᠷᠦᠭᠡᠨ ᠤ ᠴᠤᠭᠢᠯᠭ᠎ᠠ

ᠡᠴᠦᠰ ᠤᠨ ᠮᠦᠴᠡ ᠶᠢ ᠬᠤᠷᠢᠶᠠᠳᠠᠯ᠎ᠠ

ᠣᠶᠠᠬᠠᠨ ᠢᠯᠳᠠᠮ᠎ᠠ ᠴᠢᠮ᠎ᠠ ᠳᠠᠭᠠᠨ

ᠡ᠊ᠨᠳᠡᠭᠦᠷᠴᠤ ᠪᠢ ᠣᠰᠤᠯᠳᠠᠬᠤ ᠦᠭᠡᠶ᠃

ᠬᠠᠮᠤᠭ ᠠᠩᠬᠠᠨ ᠤ ᠣᠴᠠᠷᠠᠯ ᠳᠠᠭᠠᠨ

ᠬᠤᠶᠠᠭᠤᠯᠠᠨ ᠰᠢᠳᠠᠭᠰᠠᠨ ᠳᠤᠷᠠᠰᠤᠮᠵᠢ

ᠬᠠᠨᠢ ᠶᠢᠨ ᠵᠠᠶᠠᠭ᠎ᠠ ᠶᠢ ᠳᠡᠭᠡᠳᠦᠯᠡᠨ

ᠬᠤᠨᠤᠭ ᠤᠨ ᠣᠳᠠᠭᠠᠨ ᠳᠤ ᠬᠠᠭᠤᠴᠢᠷᠠᠬᠤ ᠦᠭᠡᠶ᠃



ᠵᠤᠬᠢᠶᠠᠭᠴᠢ ᠶᠢᠨ ᠬᠠᠶ‍ᠢᠭ᠄ ᠪᠠᠶᠠᠠᠭᠤᠤᠯ ᠵᠸᠤ ᠤᠨ ᠾᠸᠵᠢᠩ ᠰᠢᠶᠠᠨ

ᠵᠤᠬᠢᠶᠠᠭᠴᠢ᠄ ᠮᠣ᠊·ᠮᠥᠩᠭᠡᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2010 ᠤᠨ ᠤ 05 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ