ᠨᠡᠪᠲᠡᠷᠡᠨ ᠤᠷᠤᠬᠤ
ᠬᠠᠷ᠎ᠠ ᠰᠢᠯ ᠲᠡᠶ ᠭᠡᠦᠭᠡᠨ

ᠬᠠᠷ᠎ᠠ ᠰᠢᠯ ᠲᠡᠶ ᠭᠡᠦᠭᠡᠨ

ᠬᠠᠯᠵᠠ ᠣᠴᠠᠷᠠᠭᠠᠤᠨ ᠢᠨᠢᠶᠠᠨ᠎ᠠ

ᠭᠦᠭᠡᠷᠦᠭᠦᠨ ᠠᠯᠠᠭ ᠨᠢᠳᠤ ᠨᠢ

ᠬᠠᠮᠢᠭᠠᠰᠢ ᠪᠠᠨ ᠬᠠᠷᠠᠵᠤ ᠪᠠᠢ᠌ᠭ᠎ᠠ ᠨᠢ

ᠮᠡᠳᠡᠭ᠍ᠳᠡᠭᠦ ᠥᠭᠡᠢ

ᠲᠤᠩ ᠴᠠᠭᠠᠨ ᠰᠢᠳᠤ ᠨᠢ ᠭᠡᠪ ᠶᠢᠡᠷ ᠵᠢᠠᠨ

ᠳᠤᠷᠠᠯᠠᠯ ᠪᠣᠯᠢᠶᠠᠭᠰᠠᠨ ᠣᠷᠤᠭᠤᠯ ᠨᠢ ᠶᠠᠩᠵᠤ ᠪᠠᠷ ᠵᠢᠠᠨ

ᠳᠠᠩᠴᠢ ᠭᠠᠭᠴᠠᠬᠠᠨ ᠨᠢᠳᠤᠨ ᠳᠤ ᠪᠠᠨ ᠰᠢᠯ ᠳᠠᠢ

ᠳᠠᠭᠠᠯᠠᠵᠤ ᠢᠨᠢᠶᠠᠪᠠ ᠤᠤ

ᠳᠤᠭᠤᠭᠢᠯᠠᠵᠤ ᠡᠯᠡᠭᠯᠡᠪᠡ ᠤᠤ

ᠮᠡᠳᠡᠭ᠍ᠳᠡᠭᠦ ᠦᠭᠡᠶ

ᠰᠢᠯ ᠶᠢᠡᠨ ᠠᠪᠣᠭᠠᠴᠢ ᠭᠡᠦᠭᠡᠨ ᠳᠠ

ᠰᠡᠳᠭᠢᠯ ᠤᠨ ᠴᠤᠩᠬᠤ ᠪᠠᠨ ᠨᠡᠭᠡᠭᠡᠴᠢ

ᠪᠦᠳᠡᠭᠡᠯᠭᠡ ᠶᠢᠨ ᠴᠠᠭᠠᠨ᠎ᠠ ᠡᠴᠡ ᠬᠠᠷᠠᠬᠤ ᠪᠠᠷ ᠵᠢᠠᠨ

ᠪᠣᠷᠤᠯᠠᠭ ᠨᠢᠳᠤ ᠪᠠᠨ ᠥᠵᠡᠭᠦᠯᠦᠭᠡᠴᠢ

ᠬᠠᠷᠠᠴᠠ ᠬᠠᠷᠠᠴᠠ ᠪᠠᠷ ᠶᠢᠡᠨ ᠵᠤᠯᠭᠠᠶ᠎ᠠ

ᠬᠠᠯᠠᠭᠤᠨ ᠰᠡᠳᠭᠢᠯ ᠶᠢᠡᠨ ᠣᠢ᠌ᠯᠠᠭᠠᠯᠴᠠᠶ᠎ᠠ

ᠬᠠᠷᠠᠴᠠ ᠬᠠᠷᠠᠴᠠ ᠪᠠᠷ ᠶᠢᠡᠨ ᠭᠡᠯᠡᠯᠴᠡᠶ᠎ᠡ

ᠬᠠᠨᠢᠯᠠᠵᠤ ᠰᠠᠢ᠌ᠬᠠᠨ ᠨᠠᠢ᠌ᠵᠠᠯᠠᠶ᠎ᠠ

ᠬᠠᠷ᠎ᠠ ᠰᠢᠯ ᠲᠡᠶ ᠭᠡᠦᠭᠡᠨ

ᠬᠠᠯᠵᠠ ᠣᠴᠠᠷᠠᠭᠠᠤᠨ ᠢᠨᠢᠶᠠᠨ᠎ᠠ

ᠭᠦᠭᠡᠷᠦᠭᠦᠨ ᠠᠯᠠᠭ ᠨᠢᠳᠤ ᠨᠢ

ᠬᠠᠮᠢᠭᠠᠰᠢ ᠪᠠᠨ ᠬᠠᠷᠠᠵᠤ ᠪᠠᠢ᠌ᠭ᠎ᠠ ᠨᠢ

ᠮᠡᠳᠡᠭ᠍ᠳᠡᠭᠦ ᠥᠭᠡᠢ

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2767
ᠴᠠᠭ᠄ 2009 ᠤᠨ ᠤ 08 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ