☆ ᠯ·ᠣᠳᠤᠨ
ᠪᠠᠭᠡᠵᠢᠩ
᠊᠊᠊᠊᠊᠊᠊᠊᠊᠊᠊᠊᠊᠊᠊ ᠪᠠᠭᠡᠵᠢᠩ ᠳᠤ ᠪᠢᠴᠢᠭ᠍ᠰᠡᠨ ᠰᠢᠯᠦᠭ᠌
ᠢᠷᠠᠵᠤ ᠪᠤᠴᠡᠬᠤ ᠭᠦᠯ ᠤᠨ ᠣᠯᠠ ᠳᠤ ᠱᠠᠯᠠ ᠨᠢ ᠶᠤᠤᠯᠠᠨ ᠬᠤᠳᠣᠢ᠌ᠨᠡ
ᠢᠯᠠᠭᠰᠠᠨ ᠳᠦᠷᠤ ᠶᠢᠨ ᠳᠤᠭ ᠡᠷᠭᠦᠵᠤ ᠬᠤᠳᠠ ᠶᠢᠨ ᠬᠠᠭᠠᠯᠭ᠎ᠠ ᠢᠨᠢᠶᠠᠨ᠎ᠡ
ᠢᠯᠠᠭᠳᠠᠭᠰᠠᠨ ᠬᠠᠭᠠᠤᠨ ᠤᠨ ᠨᠢᠭᠤᠴᠠ ᠰᠢᠪᠠᠨᠠᠵᠤ ᠬᠠᠭᠠᠨ ᠤ ᠣᠷᠳᠤᠨ ᠭᠦᠯᠦᠷᠡᠨᠡ
ᠢᠷᠭᠡᠳ ᠤᠨ ᠵᠠᠭᠤᠨ ᠭᠦᠰᠡᠯ ᠳᠤ ᠳᠠᠷᠤᠭᠳᠠᠨ ᠨᠠᠢ᠌ᠰᠯᠠᠯ ᠤᠨ ᠠᠴᠢᠶ᠎ᠠ ᠭᠦᠡᠳᠦᠷᠡᠨ᠎ᠡ
ᠠᠰᠠᠷ ᠨᠢ ᠠᠰᠠᠷ ᠶᠢᠡᠨ ᠰᠢᠬᠠᠵᠤ ᠪᠦᠮᠪᠦᠷᠴᠡᠭ᠌ ᠤᠨ ᠬᠠᠪᠣᠳᠠᠷ ᠶᠡᠭᠡᠰᠤᠨᠡ
ᠠᠭᠠᠯᠵᠢ ᠶᠢᠨ ᠥᠭᠡᠰᠢ ᠰᠢᠭ᠌ ᠨᠥᠭᠡᠨ ᠵᠠᠮ ᠭᠠᠵᠠᠷ ᠤᠨ ᠰᠤᠳᠠᠰᠤ ᠭᠦᠡᠳᠡᠨ᠎ᠡ
ᠠᠶᠠᠰ ᠤᠨ ᠰᠠᠯᠭᠢ ᠵᠠᠬ᠎ᠠ ᠳᠤ ᠨᠢ ᠭᠠᠷᠴᠤ ᠶᠠᠳᠠᠨ ᠠᠮᠢᠰᠬᠤᠯᠯᠠᠨ᠎ᠠ
ᠠᠭᠠᠷ ᠲᠤ ᠳᠡᠭ᠍ᠳᠡᠭᠦ ᠮᠦᠩᠭᠦᠨ ᠣᠩᠭ᠋ᠤᠴᠠ ᠪᠣᠳᠤᠯ ᠨᠢᠰᠭᠡᠨ ᠥᠩᠭᠡᠷᠡᠨ᠎ᠡ
ᠨᠤᠳᠤᠭ ᠤᠨ ᠠᠭᠠᠷ ᠢ ᠰᠠᠨᠠᠭᠳᠠᠭᠤᠯᠵᠤ ᠳᠡᠭ᠍ᠷᠢ ᠨᠢ ᠣᠳᠤᠭ᠎ᠠ ᠦᠭᠡᠶ ᠳᠤᠨᠤᠷᠠᠨ᠎ᠠ
ᠨᠠᠭᠤᠷ ᠤᠨ ᠬᠤᠨ ᠰᠢᠭ ᠮᠦᠷᠦᠭᠡᠳᠦᠯ ᠴᠤᠩᠬᠤ ᠪᠠᠷ ᠨᠢᠰᠤᠨ ᠠᠯᠳᠠᠭᠳᠠᠨ᠎ᠠ
ᠶᠠᠩᠵᠤ ᠶᠢᠨ ᠬᠦᠩᠭᠡᠨ ᠮᠠᠰᠢᠨ ᠵᠠᠮ ᠪᠦᠭᠯᠡᠭᠡᠳ ᠮᠡᠯᠡᠭᠡᠢ ᠠᠳᠠᠯᠢ ᠮᠥᠯᠭᠦᠨᠡ
ᠶᠠᠭᠠᠷᠠᠭᠰᠠ ᠰᠡᠳᠭᠢᠯ ᠢ ᠭᠦᠯᠦᠷᠡᠭᠡᠵᠤ ᠠᠷᠤ ᠡᠴᠡ ᠰᠠᠮ ᠨᠢᠳᠤᠷᠤᠨᠡ
ᠬᠠᠪᠣᠷ ᠡᠷᠳᠡᠯᠡᠵᠤ ᠰᠠᠭᠠᠳᠠᠭᠠᠤᠨ ᠡᠪᠦᠯ ᠤᠨ ᠭᠤᠨᠢᠭ ᠢ ᠮᠤᠳᠤᠳ ᠡᠴᠡ ᠠᠷᠴᠢᠨ᠎ᠠ
ᠬᠠᠵᠠᠭᠤ ᠶᠢᠨ ᠴᠡᠴᠡᠷᠯᠢᠭ᠌ ᠨᠤᠭᠤᠭᠠᠨ ᠶᠢᠡᠷ ᠠᠮᠢᠰᠬᠤᠨ ᠣᠯᠠᠷᠢᠯ ᠤᠨ ᠪᠣᠳᠤᠭ ᠳᠤᠳᠤᠷᠠᠨ᠎ᠠ
ᠴᠡᠮᠴᠡᠭᠡᠷ ᠬᠤᠳᠠ ᠶᠢᠨ ᠴᠢᠮᠡᠭ᠌ ᠪᠣᠯᠵᠤ ᠣᠳᠤᠳ ᠭᠠᠵᠠᠷ ᠲᠤ ᠪᠠᠭᠤᠨ ᠬᠤᠨᠤᠨ᠎ᠠ
ᠴᠡᠪᠠᠷᠭᠡᠨ ᠳᠤᠷᠠᠯᠠᠯ ᠤᠨ ᠥᠭᠡᠰ ᠰᠢᠪᠠᠨᠠᠨ ᠴᠡᠴᠡᠭ᠌ ᠴᠤᠮᠤᠷᠯᠢᠭ ᠶᠢᠡᠨ ᠳᠡᠯᠭᠡᠨ᠎ᠡ
ᠴᠠᠭ ᠤᠨ ᠭᠦᠡᠳᠡᠯᠡᠨ ᠰᠤᠷᠪᠢ ᠪᠣᠯᠵᠤ ᠴᠠᠭᠠᠨ ᠭᠡᠷᠡᠮ ᠦᠷᠭᠦᠯᠵᠢᠯᠡᠨ᠎ᠡ
ᠴᠠᠭᠠᠳᠤ ᠡᠳᠦᠷ ᠤᠨ ᠭᠠᠰᠢᠭᠤᠨ ᠥᠯᠢᠭᠡᠷ ᠶᠤᠸᠠᠨ ᠮᠢᠩ ᠶᠤᠸᠠᠨ ᠡᠴᠡ ᠣᠩᠰᠢᠭᠳᠠᠨ᠎ᠠ
ᠨᠤᠷᠠᠭᠠᠭᠰᠠᠨ ᠴᠤ ᠪᠠᠯᠠᠷᠠᠬᠤ ᠦᠭᠡᠶ ᠪᠠᠷᠢᠯᠭ᠎ᠠ ᠶᠢᠨ ᠭᠠᠢ᠌ᠬᠠᠮᠰᠢᠭ ᠭᠦᠷᠤᠨ ᠤ ᠨᠠᠷᠠ ᠶᠢ ᠬᠠᠳᠠᠭᠠᠯᠠᠨ᠎ᠠ
ᠨᠢᠭᠤᠭᠰᠠᠨ ᠴᠤ ᠳᠠᠯᠳᠠᠷᠠᠬᠤ ᠦᠭᠡᠶ ᠢᠯᠠ ᠰᠢᠷᠬ᠎ᠠ ᠭᠦᠮᠦᠰ ᠤᠨ ᠰᠡᠳᠭᠢᠯ ᠳᠤ ᠳᠤᠨᠤᠨ᠎ᠠ
ᠵᠠᠭᠤᠬᠠᠨ ᠨᠠᠰᠤᠯᠠᠭᠰᠠᠨ ᠶᠤᠸᠠᠨ ᠤ ᠳᠦᠷᠤ ᠶᠢᠨ ᠨᠢᠯᠪᠣᠰᠤ ᠬᠠᠳᠠᠬᠤ ᠦᠭᠡᠶ ᠮᠠᠯᠳᠠᠢ᠌ᠨᠡ
ᠵᠠᠭᠤᠷᠠᠳᠤ ᠪᠠᠷ ᠬᠠᠯᠢᠭᠰᠠᠨ ᠮᠤᠩᠭ᠋ᠤᠯ ᠪᠠᠭᠠᠳᠤᠷ ᠤᠨ ᠴᠢᠰᠤ ᠬᠠᠷᠠᠯᠠᠬᠤ ᠦᠭᠡᠶ ᠣᠯᠠᠢ᠌ᠨ᠎ᠠ
ᠬᠠᠭᠠᠨ ᠣᠷᠤ ᠪᠣᠯᠢᠶᠠᠯᠳᠤᠭᠰᠠᠨ ᠠᠯᠳᠠᠨ ᠣᠷᠤᠭᠳᠠᠨ ᠤ ᠰᠢᠪᠰᠢᠭ᠌ ᠨᠢᠭᠤᠷ ᠡᠴᠡ ᠳᠦᠭᠡᠨᠡᠨ᠎ᠡ
ᠬᠠᠮᠤᠭ ᠮᠤᠩᠭ᠋ᠤᠯ ᠶᠢᠡᠨ ᠪᠠᠷᠠᠭᠰᠠᠨ ᠳᠡᠦᠭᠡ ᠶᠢᠨ ᠢᠴᠢᠭᠦᠷᠢ ᠵᠢᠷᠦᠭᠡᠨ ᠳᠡᠭᠡᠷ᠎ᠡ ᠳᠠᠰᠢᠭᠤᠷᠳᠠᠨ᠎ᠠ
ᠭᠡᠳᠤᠨ ᠳᠦᠷᠤ ᠶᠢᠨ ᠨᠠᠢ᠌ᠰᠯᠠᠯ ᠪᠣᠯᠤᠭᠰᠠᠨ ᠪᠠᠭᠡᠵᠢᠩ ᠵᠠᠯᠠᠭᠤ ᠪᠠᠷ ᠶᠢᠡᠨ ᠪᠣᠭᠤᠷᠤᠯᠳᠤᠨᠡ
ᠭᠡᠴᠢᠨᠡᠨ ᠵᠢᠯ ᠤᠨ ᠪᠣᠯᠪᠠᠰᠤᠨ ᠪᠦᠳᠦᠭᠡᠵᠤ ᠪᠠᠭᠡᠵᠢᠩ ᠰᠤᠶᠤᠯ ᠶᠢᠡᠷ ᠶᠢᠡᠨ ᠪᠠᠬᠠᠷᠬᠠᠨ᠎ᠠ
ᠭᠡᠵᠢᠶ᠎ᠡ ᠴᠤ ᠬᠤᠪᠢᠷᠠᠬᠤ ᠦᠭᠡᠶ ᠳᠡᠦᠭᠡ ᠶᠢᠨ ᠦᠨᠡᠨ ᠪᠠᠭᠡᠵᠢᠩ ᠡᠴᠡ ᠦᠷᠭᠦᠯᠵᠢᠯᠡᠨ᠎ᠡ
ᠭᠡᠷᠴᠢᠪᠠᠴᠤ ᠳᠠᠰᠤᠷᠠᠬᠤ ᠦᠭᠡᠶ ᠳᠦᠷᠤ ᠶᠢᠨ ᠵᠢᠯᠤᠭᠤ ᠪᠠᠭᠡᠵᠢᠩ ᠡᠴᠡ ᠵᠠᠯᠭᠠᠯᠳᠤᠨ᠎ᠠ
ᠰᠠᠯᠭᠢ ᠨᠢ ᠭᠦᠷᠳᠡᠯ᠎ᠡ ᠵᠥᠭᠡᠯᠡᠨ ᠦᠯᠢᠶᠠᠵᠤ ᠳᠦᠷᠤ ᠶᠢᠨ ᠣᠷᠤᠭᠤᠯ ᠶᠢᠡᠷ ᠦᠨᠦᠰᠤᠨ᠎ᠡ
ᠰᠠᠷ᠎ᠠ ᠨᠢ ᠪᠣᠯᠪᠠᠴᠤ ᠨᠠᠮᠤᠭᠤᠬᠠᠨ ᠳᠤᠨᠤᠷᠠᠭᠠᠤᠨ ᠰᠦᠨ ᠭᠡᠷᠡᠯ ᠶᠢᠡᠨ ᠠᠰᠬᠠᠨ᠎ᠠ
ᠰᠠᠭᠯᠠᠭᠠᠷ ᠮᠤᠳᠤᠨ ᠳᠤ ᠨᠢ ᠰᠢᠪᠠᠭᠤᠳ ᠬᠤᠨᠤᠭᠯᠠᠵᠤ ᠨᠣᠢ᠌ᠷ ᠦᠷᠭᠦᠭᠡᠨ ᠵᠢᠷᠭᠢᠨ᠎ᠡ
ᠰᠠᠷᠠᠪᠴᠢᠨ ᠤ ᠰᠡᠭᠦᠳᠡᠷ ᠲᠤ ᠨᠠᠰᠤᠳᠠᠤᠨ ᠵᠤᠭᠤᠭᠳᠠᠨ ᠭᠦᠭ᠍ᠰᠢᠷᠡᠭ᠍ᠰᠡᠨ ᠶᠢᠡᠨ ᠮᠠᠷᠳᠠᠨ᠎ᠠ
ᠡᠵᠡᠨ ᠳᠡᠭᠡᠨ ᠡᠷᠭᠡᠯᠡᠭ᠍ᠰᠡᠨ ᠶᠠᠩᠵᠤ ᠶᠢᠨ ᠨᠤᠬᠠᠤᠨ ᠵᠡᠭᠡᠯᠢ ᠪᠠᠷ ᠭᠦᠰᠭᠡᠷᠡᠨᠡ
ᠡᠯᠳᠡᠪ ᠤᠨ ᠳᠤᠯᠤᠭᠠᠨ ᠬᠠᠶᠠᠭᠳᠠᠮᠠᠯ ᠤᠳ ᠬᠤᠭ ᠤᠨ ᠬᠠᠢ᠌ᠷᠴᠠᠭ ᠣᠷᠤᠭᠤ ᠭᠡᠢ᠌ᠰᠤᠨ᠎ᠡ
ᠡᠭᠡᠨᠡᠷ ᠤᠨ ᠪᠣᠭᠴᠤ ᠠᠳᠤᠭᠤᠯᠵᠤ ᠳᠡᠯᠭᠡᠭᠦᠷ ᠤᠨ ᠴᠤᠩᠬᠤ ᠨᠣᠢ᠌ᠷ ᠦᠭᠡᠶ ᠪᠦᠯᠳᠡᠢ᠌ᠨᠡ
ᠡᠯᠵᠢᠭᠡᠨ ᠤ ᠮᠢᠬᠠᠨ ᠳᠤ ᠪᠠᠨ ᠱᠠᠩᠳᠠᠵᠤ ᠬᠤᠭᠤᠯᠠᠨ ᠭᠡᠷ ᠳᠤᠰᠤ ᠪᠠᠷ ᠪᠦᠭᠡᠯᠵᠢᠨ᠎ᠡ
ᠨᠠᠢ᠌ᠰᠯᠠᠯ ᠭᠡᠳᠡᠭ᠌ ᠠᠷᠢᠭᠤᠨ ᠠᠯᠳᠠᠷ ᠡᠩᠭᠡᠷ ᠡᠴᠡ ᠨᠢ ᠵᠡᠭᠦᠭ᠍ᠳᠡᠨ ᠭᠢᠯᠠᠰᠤᠨᠡ
ᠨᠠᠮ ᠳᠦᠷᠤ ᠶᠢᠨ ᠮᠡᠷᠭᠡᠨ ᠪᠣᠳᠤᠯᠭ᠎ᠠ ᠡᠪᠦᠷ ᠲᠤ ᠨᠢ ᠢᠳᠡᠭᠡᠰᠢᠨ ᠪᠣᠯᠪᠠᠰᠤᠷᠠᠨ᠎ᠠ
ᠨᠠᠷᠠᠨ ᠵᠥᠭ᠌ ᠳᠠᠯᠠᠪᠴᠢ ᠪᠠᠨ ᠳᠡᠯᠡᠭ᠍ᠰᠡᠨ ᠭᠠᠯᠪᠡ ᠶᠢᠨ ᠭᠦᠰᠡᠯ ᠪᠠᠭᠡᠵᠢᠩ ᠡ
ᠨᠠᠰᠤ ᠪᠠᠷ ᠨᠡᠭᠦᠭᠡᠳ ᠭᠦᠷᠭᠦ ᠦᠭᠡᠶ ᠭᠠᠵᠠᠷ ᠤᠨ ᠭᠤᠨᠢᠭ ᠴᠤ ᠪᠠᠭᠡᠵᠢᠩ ᠡ ︕
ᠰᠢᠠᠵᠢᠶᠠᠩ ᠤᠨ《ᠦᠷ ᠤᠨ ᠴᠤᠯᠮᠤᠨ》ᠰᠡᠳᠭᠦᠯ ᠳᠤ ᠨᠡᠢ᠌ᠳᠡᠯᠡᠭ᠍ᠳᠡᠭ᠍ᠰᠡᠨ ᠢ ᠡ᠊ᠨᠳᠡ ᠰᠢᠯᠵᠢᠭᠦᠯᠪᠡ᠃
ᠵᠤᠬᠢᠶᠠᠭᠴᠢ ᠶᠢᠨ ᠬᠠᠶᠢᠭ ᠄ ᠬᠦᠬᠡᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠰᠤᠷᠭᠠᠭᠤᠯᠢ
ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2012 ᠤᠨ ᠤ 04 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ