☆ ᠦ᠊·ᠠᠯᠳᠠᠠᠪᠣᠯᠠᠭ
ᠴᠤᠩᠬᠤ
ᠳᠡᠯᠡᠭᠡᠢ ᠶᠢ ᠬᠠᠷᠠᠬᠤ ᠭᠡᠵᠤ ᠶᠡᠭᠡ ᠰᠠᠨᠠᠯ᠎ᠠ
ᠳᠡᠷᠭᠡᠳᠡ ᠡᠴᠠ ᠪᠠᠨ ᠡᠭᠢᠯᠡᠨ᠎ᠡ ᠭᠡᠵᠤ ᠮᠡᠳᠡᠭ᠍ᠰᠡᠨ ᠦᠭᠡᠶ
ᠭᠡᠭᠡ ᠣᠷᠤᠭᠤᠯᠬᠤ ᠭᠡᠵᠤ ᠣᠭ ᠨᠢ ᠪᠣᠳᠤᠯ᠎ᠠ
ᠭᠡᠨᠡᠨ ᠰᠠᠯᠭᠢ ᠰᠢᠷᠭᠤᠨ᠎ᠠ ᠭᠡᠵᠤ ᠰᠠᠨᠠᠭᠰᠠᠨ ᠥᠭᠡᠢ
ᠨᠢᠭᠡ ᠳᠤ ᠭᠦᠷᠦᠭᠡᠳ ᠬᠤᠶᠠᠷ ᠢ ᠠᠯᠳᠠᠴᠢᠬᠠᠨ᠎ᠠ
ᠨᠢᠭᠦᠯ ᠥᠢᠯᠡᠳᠦᠭᠡᠳ ᠪᠣᠶᠠᠨ ᠡᠴᠠ ᠬᠤᠯᠠᠳᠠᠴᠢᠬᠠᠨᠠ
ᠨᠢᠰᠤᠨ ᠳᠤ ᠪᠠᠨ ᠳᠦᠩᠭᠡᠵᠤ ᠵᠥᠪᠯᠡᠭᠦ ᠲᠡᠶ ᠪᠣᠯᠬᠤ ᠳ᠋ᠤ
ᠨᠠᠢ᠌ᠳᠠᠭᠠᠬᠤ ᠰᠤᠭᠤᠭ ᠲᠡᠶ ᠪᠣᠯᠴᠢᠬᠠᠨ᠎ᠠ ᠭᠡᠳᠡᠭ᠌᠁
ᠭᠦᠮᠤᠨ ᠶᠠᠷᠤ ᠨᠢ ᠨᠢᠰᠤᠨᠡ ᠭᠡᠭ᠍ᠰᠡᠭᠡᠷ
ᠭᠦᠯ ᠲᠡᠶ ᠳᠦᠷᠦᠭ᠍ᠰᠡᠨ ᠶᠢᠡᠨ ᠮᠠᠷᠳᠠᠴᠢᠬᠠᠭᠠᠤᠨ
ᠭᠦᠭ᠍ᠰᠡᠵᠤ ᠭᠦᠭ᠍ᠰᠡᠵᠤ ᠭᠠᠵᠠᠷ ᠣᠨᠠᠬᠤ ᠳ᠋ᠤ
ᠭᠦᠯᠳᠡᠭᠦᠤ ᠪᠠᠭᠠᠰᠤ ᠰᠢᠭ ᠳᠦᠮᠪᠤᠢᠴᠢᠭᠡᠳᠡᠭ᠌ ᠨᠢ᠁
ᠡᠭᠦᠳᠡᠨ ᠡᠮᠤᠨ᠎ᠡ ᠥᠭᠡᠷ ᠮᠤᠷᠢ ᠬᠤᠶᠠᠷ
ᠡᠪᠠᠰᠤ ᠢᠳᠡᠭᠦ ᠠᠷᠭ᠎ᠠ ᠶᠢ ᠬᠠᠷᠠᠭᠰᠠᠭᠠᠷ᠁
ᠭᠡᠪᠢᠳᠡᠭ᠌ ᠤᠨ ᠭᠢᠨᠢ ᠭᠦᠵᠡᠭᠡ ᠲᠡᠶ ᠶᠢ ᠨᠢ ᠭᠠᠢ᠌ᠬᠠᠨ
ᠭᠡᠷᠡᠭ᠌ ᠪᠣᠯᠭᠠᠨ ᠯᠠᠪᠯᠠᠬᠤ ᠶᠢ ᠰᠠᠨᠠᠨ᠎ᠠ᠃
ᠭᠠᠳᠠᠨ᠎ᠠ ᠥᠢᠮᠡᠭᠦ ᠭᠠᠬᠠᠢ ᠡᠯᠵᠢᠭᠡ ᠬᠤᠶᠠᠷ
ᠭᠠᠵᠠᠷ ᠰᠠᠠᠳᠠᠯᠠᠵᠤ ᠳᠡᠮᠡᠴᠡᠭᠡᠨ ᠪᠣᠯᠬᠤ ᠵᠢ
ᠭᠠᠢ᠌ᠬᠠᠵᠤ ᠠᠭᠤᠷᠯᠠᠨ ᠭᠠᠷ ᠨᠤᠬᠤᠯᠭᠢᠯᠠᠬᠤ ᠳ᠋ᠤ
ᠭᠠᠷᠭᠠᠭᠰᠠᠨ ᠴᠤᠩᠬᠤ ᠪᠠᠨ ᠪᠦᠭᠯᠡᠴᠢᠭᠡᠮᠡᠷ ᠪᠣᠯᠤᠨ᠎ᠠ᠃
ᠶᠠᠭᠤᠮ᠎ᠠ ᠶᠢ ᠬᠠᠷᠠᠵᠤ ᠢᠯᠡᠭᠦᠤ ᠪᠣᠳᠤᠬᠤ ᠳ᠋ᠤ
ᠶᠢᠷᠳᠢᠠᠴᠤ ᠶᠢ ᠰᠠᠳᠭᠢᠵᠤ ᠣᠬᠠᠭᠠᠨ ᠰᠠᠭᠤᠬᠤ ᠳ᠋ᠤ
ᠶᠠᠷᠤ ᠳᠡᠭᠡᠨ ᠯᠠ ᠠᠮᠢᠳᠤᠷᠠᠯ ᠭᠡᠮᠡᠭ᠍ᠴᠢ
ᠶᠠᠯᠢᠮ ᠦᠭᠡᠶ ᠵᠣᠢ᠌ᠯ ᠡᠴᠠ ᠡᠭᠢᠯᠡᠳᠡᠭ᠌ ᠪᠠᠢ᠌ᠵᠠᠢ᠃
2011.8.10
ᠵᠤᠬᠢᠶᠠᠭᠴᠢ ᠶᠢᠨ ᠬᠠᠶᠢᠭ ᠄ ᠳᠦᠷᠪᠠᠤᠨ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶᠠᠨ ᠤ ᠵᠢᠭᠠᠬᠤ ᠶᠢ ᠰᠤᠳᠤᠯᠬᠤ ᠳᠠᠰᠤᠭ
ᠵᠤᠬᠢᠶᠠᠭᠴᠢ᠄ ᠦ᠊·ᠠᠯᠳᠠᠠᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2011 ᠤᠨ ᠤ 11 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ