☆ ᠰᠠᠷᠠᠩᠳᠤᠷᠵᠢ
ᠬᠠᠪᠳᠠᠭᠠᠢ ᠶᠢᠨ ᠬᠠᠪᠣᠷᠵᠢᠶ᠎ᠠ
ᠬᠠᠪᠳᠠᠭᠠᠢ ᠶᠢᠨ ᠠᠮᠠᠰᠠᠷ
ᠬᠠᠪᠣᠷᠵᠢᠶ᠎ᠠ ᠮᠠᠨ ᠤ ᠭᠢ ᠪᠠᠢ᠌ᠭᠰᠠᠨ ᠶᠤᠮ
ᠬᠠᠩᠰᠢ ᠨᠡᠭᠡᠭᠡᠮᠡᠭ᠍ᠴᠡ
ᠬᠤᠨᠢ ᠴᠠᠢ᠌ᠷᠠᠳᠠᠭ ᠪᠠᠢ᠌ᠭᠰᠠᠨ ᠶᠤᠮ
ᠬᠠᠪᠳᠠᠭᠠᠢ ᠭᠡᠵᠤ ᠵᠡᠷᠯᠢᠭ᠌ ᠳᠡᠮᠡᠭᠡ
ᠬᠠᠪᠳᠠᠭᠠᠢ ᠳᠤ ᠣᠯᠠᠨ ᠪᠠᠢ᠌ᠭᠰᠠᠨ ᠶᠤᠮ
ᠬᠤᠯᠠ ᠴᠤ ᠪᠢᠰᠢ ᠥᠨᠦᠭᠡᠨ ᠭᠦᠷᠳᠡᠯ᠎ᠡ
ᠬᠤᠶᠠᠷ ᠨᠢᠭᠡ ᠬᠠᠷᠠᠭᠳᠠᠵᠤ ᠪᠠᠢ᠌ᠭᠰᠠᠨ ᠶᠤᠮ
ᠬᠠᠪᠳᠠᠭᠠᠢ ᠪᠠᠢ᠌ᠭᠠᠤᠨ
ᠬᠠᠪᠳᠠᠭᠠᠢ ᠰᠥᠷᠯᠢᠭ᠌ ᠪᠣᠯᠤᠭᠰᠠᠨ ᠶᠤᠮ
ᠬᠠᠪᠢᠳᠠᠵᠤ ᠣᠢ᠌ᠷᠠᠳᠤᠬᠤ ᠳ᠋ᠤ
ᠰᠦᠷᠳᠠᠵᠤ ᠠᠶᠤᠳᠠᠭ ᠪᠠᠢ᠌ᠭᠰᠠᠨ ᠶᠤᠮ
ᠬᠠᠪᠳᠠᠭᠠᠢ ᠪᠠᠷ᠎ᠠ ᠳᠠᠰᠤᠷᠠᠭᠠᠤᠨ
ᠡᠪᠦᠭᠡᠳ ᠰᠡᠭᠦᠷᠡᠰᠦᠯᠡᠵᠤ ᠶᠠᠪᠣᠭᠰᠠᠨ ᠶᠤᠮ
ᠬᠠᠪᠣᠷᠵᠢᠶ᠎ᠠ ᠪᠠᠷ᠎ᠠ ᠳᠠᠰᠤᠷᠠᠭᠠᠤᠨ
ᠡᠯᠡᠰᠤᠨ ᠰᠢᠭᠤᠷᠭ᠎ᠠ ᠢᠷᠡᠭ᠍ᠰᠡᠨ ᠶᠤᠮ᠃
ᠵᠤᠬᠢᠶᠠᠭᠴᠢ᠄ ᠰᠠᠷᠠᠩᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2009 ᠤᠨ ᠤ 05 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ