☆ ᠠᠩᠭᠢᠷ
ᠣᠷᠢ ᠰᠠᠢ᠌ᠬᠠᠨ ᠨᠠᠰᠤ
ᠠᠯᠳᠠᠩᠬᠠᠨ ᠬᠤᠷᠸ᠎ᠠ ᠳᠤ ᠨᠠᠰᠤ ᠨᠡᠮᠡᠭ᠍ᠰᠡᠨ
ᠠᠷᠢᠭᠤᠨ ᠰᠦᠨᠠᠰᠤ
ᠠᠷᠪᠠᠨ ᠨᠢ᠋ᠮᠠᠳᠤᠭᠠᠷ ᠬᠠᠪᠣᠷ᠃
ᠠᠯᠤᠰ ᠤᠨ ᠡᠷᠡᠨ ᠳᠤ ᠴᠤᠪᠣᠭ᠎ᠠ ᠳᠠᠢ᠌ᠭᠰᠠᠨ
ᠭᠡᠪᠠᠷᠡᠭ᠍ᠭᠡᠨ ᠭᠠᠯ
ᠠᠷᠪᠠᠨ ᠨᠢ᠋ᠮᠠᠳᠤᠭᠠᠷ ᠥᠷᠳᠡᠭᠡ᠃
ᠠᠭᠠᠰᠢ ᠳᠤᠭᠰᠢᠨ
ᠢᠷᠡᠭᠡᠳᠦᠢ ᠰᠠᠷᠠᠭᠤᠯ
ᠠᠷᠪᠠᠨ ᠨᠢ᠋ᠮᠠᠨ ᠭᠦᠰᠡᠯ᠃
《ᠠᠯᠠᠭᠠᠨ ᠪᠣᠤᠪᠣ》 ᠡᠴᠡ ᠵᠠᠢ᠌ᠳᠠᠭᠰᠠᠨ
ᠠᠷᠠᠭ᠎ᠠ ᠥᠭᠡᠢ᠌ᠳᠡᠨ ᠤ ᠰᠢᠳᠦᠭᠡᠨ
ᠠᠷᠪᠠᠨ ᠨᠢ᠋ᠮᠠᠨ ᠳᠦᠭᠡᠷᠢᠭᠡ᠃
ᠵᠠᠵᠠᠢ ᠪᠣᠭᠤᠷᠤᠯ ᠤᠨ ᠪᠠᠬᠠᠳᠤᠯ
ᠵᠠᠶᠠᠭ᠎ᠠ ᠢᠵᠢᠯᠢᠳᠠᠨ ᠤ ᠮᠠᠯᠮᠠᠢ
ᠠᠷᠪᠠᠨ ᠨᠢ᠋ᠮᠠᠨ ᠬᠠᠰᠭᠢᠷᠤᠯ᠃
ᠡᠴᠢᠭᠡ ᠶᠢᠨ ᠡᠪᠦᠷ ᠡᠴᠡ ᠨᠢᠰᠴᠤ
ᠡᠭᠡ ᠶᠢᠨ ᠬᠤᠷᠮᠤᠢ ᠡᠴᠡ ᠬᠤᠯᠠᠳᠠᠬᠤ
ᠠᠷᠪᠠᠨ ᠨᠢ᠋ᠮᠠᠨ ᠴᠡᠭ᠌᠃
ᠬᠠᠨᠢ ᠰᠡᠳᠭᠢᠯ ᠤᠨ ᠨᠠᠭᠢᠶᠠᠯᠠᠯ
ᠬᠠᠪᠣᠷᠵᠢᠶᠠᠨ ᠳᠤ ᠳᠡᠯᠭᠡᠷᠡᠭᠦ ᠴᠡᠴᠡᠭᠡᠰ
ᠠᠷᠪᠠᠨ ᠨᠢ᠋ᠮᠠᠨ ᠴᠤᠮᠤᠷᠯᠢᠭ᠃
ᠪᠣᠳᠤᠬᠤ ᠪᠠᠷ ᠶᠢᠡᠨ ᠪᠣᠷᠤᠭ᠎ᠠ ᠱᠠᠭᠢᠭᠤᠯᠵᠤ
ᠪᠣᠢ᠌ᠯᠠᠬᠤ ᠪᠠᠷ ᠶᠢᠠᠨ ᠲ᠋ᠤᠭᠤᠰᠤ ᠨᠠᠮᠬᠠᠷᠠᠭᠤᠯᠳᠠᠭ
ᠠᠷᠪᠠᠨ ᠨᠢ᠋ᠮᠠᠨ ᠳᠠᠪᠭᠢᠭ᠎ᠠ᠃
ᠣᠷᠤᠯᠳᠤᠬᠤ ᠪᠠᠷ ᠨᠢ ᠬᠠᠢ᠌ᠷᠬᠠᠨ ᠬᠤᠳᠤᠯᠵᠠᠵᠤ
ᠨᠡᠭᠦᠭᠦ ᠪᠠᠷ ᠨᠢ ᠬᠠᠷᠠᠭ᠎ᠠ ᠣᠢ᠌ᠷᠠᠬᠠᠨ
ᠠᠷᠪᠠᠨ ᠨᠢ᠋ᠮᠠᠨ ᠪᠠᠷ᠎ᠠ᠃
ᠵᠠᠯᠭᠢᠯᠠᠬᠤ ᠠᠢ᠌ᠷᠠᠭ ᠶᠢᠡᠷ ᠨᠢ ᠭᠠᠰᠢᠭᠤᠨ
ᠰᠤᠷᠤᠯᠭᠢᠯᠠᠬᠤ ᠪᠠᠭᠡ ᠪᠠᠷ ᠶᠢᠡᠨ ᠭᠦᠰᠢᠭᠦᠨ
ᠠᠷᠪᠠᠨ ᠨᠢ᠋ᠮᠠᠨ ᠠᠯᠳᠠᠰ᠃
ᠭᠦᠰᠢᠭᠦᠨ ᠪᠣᠯᠬᠤ ᠪᠠᠷ ᠨᠢ ᠭᠦᠡᠳᠦᠷᠴᠤ
ᠭᠠᠰᠢᠭᠤᠨ ᠪᠣᠯᠬᠤ ᠪᠠᠷ ᠨᠢ ᠰᠦᠷᠴᠤ ᠶᠠᠪᠣᠬᠤ
ᠠᠷᠪᠠᠨ ᠨᠢ᠋ᠮᠠᠨ ᠳᠠᠩᠭ᠋ᠠᠷᠢᠭ᠃
ᠬᠤᠷᠠᠭᠠᠨ ᠤ ᠣᠶᠠᠷᠠᠭᠤᠨ ᠮᠠᠢ᠌ᠯᠠᠯᠭᠠ
ᠬᠤᠷ᠎ᠠ ᠶᠢᠨ ᠨᠠᠮᠵᠢᠭᠤᠨ ᠵᠥᠰᠡᠷᠡᠭᠡ
ᠬᠤᠷᠴᠠ ᠣᠬᠠᠭᠠᠨ ᠤ ᠰᠦᠯᠵᠢᠯᠳᠤᠯ
ᠬᠠᠭᠤᠳᠠᠰᠤ ᠨᠡᠭᠡᠭᠡᠭᠦ ᠳᠡᠮᠳᠡᠭ᠌
ᠠᠷᠪᠠᠨ ᠨᠢ᠋ᠮᠠᠨ ᠨᠠᠰᠤ᠃
ᠠᠭᠳᠠ ᠶᠢᠨ ᠭᠦᠴᠦᠳᠤ ᠳᠦᠪᠠᠷᠭᠡᠨ
ᠠᠩᠭ᠋ᠠᠢ᠌ᠪᠠᠯ ᠠᠯᠳᠠᠬᠤ ᠬᠠᠢ᠌ᠪᠠᠯ ᠣᠯᠳᠠᠬᠤ
ᠠᠯᠳᠠ ᠠᠷᠭᠠᠯ ᠤᠨ ᠣᠪᠣᠭ᠎ᠠ
ᠳᠡᠭᠦᠭᠦ ᠠᠶᠠᠨ ᠤ ᠣᠭᠳᠤᠯᠤᠯᠴᠠᠯ
ᠠᠷᠪᠠᠨ ᠨᠢ᠋ᠮᠠᠨ ᠨᠠᠰᠤ ᠡ᠃
ᠵᠤᠬᠢᠶᠠᠭᠴᠢ᠄ ᠠᠩᠭᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2888
ᠴᠠᠭ᠄ 2009 ᠤᠨ ᠤ 09 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ