☆ ᠳ᠋·ᠪᠦᠷᠢᠨᠲᠤᠭᠲᠠᠬᠤ
ᠴᠢᠮ᠎ᠠ ᠳᠠᠭᠠᠨ ᠯᠠ ᠭᠡᠵᠤ
ᠨᠠᠮ ᠨᠠᠮᠵᠢᠭᠤᠬᠠᠨ ᠦᠳᠡᠰᠢ ᠴᠢᠮ᠎ᠠ ᠶᠢ ᠳᠤᠷᠠᠰᠬᠤ ᠳᠠᠭᠠᠨ
ᠨᠠᠷᠠ ᠪᠠᠷ ᠴᠢᠨᠢ ᠰᠢᠭᠤᠳ ᠰᠢᠯᠦᠭ᠌ ᠪᠢᠴᠢᠭᠦ ᠶᠢ ᠰᠠᠨᠠᠨ᠎ᠠ
ᠨᠢᠭᠡ ᠪᠢᠰᠢ ᠣᠯᠠᠨ ᠨᠠᠷᠠ ᠲᠡᠶ ᠴᠢᠨᠢ ᠠᠳᠠᠯᠢ ᠭᠦᠮᠤᠨ
ᠢᠪᠠᠷᠠᠵᠤ ᠢᠷᠡᠭᠦ ᠡᠴᠡ ᠴᠤ ᠠᠶᠤᠨ᠎ᠠ
ᠰᠠᠷᠠᠨ ᠤ ᠭᠡᠷᠡᠯ ᠴᠤᠩᠬᠤ ᠪᠠᠷ ᠳᠤᠰᠤᠨ᠎ᠠ
ᠭᠡᠭᠡᠡᠴᠢᠷ ᠴᠡᠴᠡᠭ᠌ ᠤᠨ ᠵᠢᠪᠠᠷ ᠳᠡᠭᠡᠭᠦᠷ
ᠵᠥᠭᠡᠯᠡᠨ ᠵᠥᠭᠡᠯᠡᠨ ᠠᠯᠬᠤᠯᠠᠭᠰᠠᠭᠠᠷ ᠁
ᠭᠡᠳᠤᠨ ᠵᠠᠭᠤᠨ ᠤ ᠠᠯᠤᠰ ᠡᠴᠡ ᠴᠢ ᠮᠢᠨᠢ ᠰᠡᠳᠭᠢᠯ ᠳᠤ ᠢᠷᠠᠨ᠎ᠠ
ᠴᠢᠮ᠎ᠠ ᠳᠤ ᠭᠡᠳᠦᠢ ᠰᠠᠢ᠌ᠬᠠᠨ ᠰᠢᠯᠦᠭ᠌ ᠪᠢᠴᠢᠭ᠍ᠰᠡᠨ ᠴᠤ
ᠴᠢ ᠨᠠᠮ᠎ᠠ ᠶᠢ ᠦᠯᠦ ᠢᠳᠡᠭᠡᠨ᠎ᠡ
ᠨᠠᠳᠠ ᠳᠤ ᠪᠢᠴᠢᠭ᠍ᠰᠡᠨ ᠦᠭᠡᠶ ᠪᠠᠢ᠌ᠬᠤ ᠭᠡᠵᠤ
ᠨᠠᠮ᠎ᠠ ᠶᠢ ᠳᠠᠩᠳᠠ ᠪᠠᠨ ᠵᠤᠪᠠᠭᠠᠨ᠎ᠠ
ᠴᠢ ᠨᠠᠳᠠ ᠶᠢ ᠵᠤᠪᠠᠭᠠᠬᠤ ᠳᠤᠳᠤᠮ
ᠪᠢ ᠴᠢᠮ᠎ᠠ ᠶᠢ ᠣᠯᠠᠮ ᠬᠠᠢ᠌ᠷᠠᠯᠠᠨ᠎ᠠ
ᠴᠡᠴᠡᠭ᠌ ᠤᠨ ᠭᠡᠯᠳᠡᠰ ᠵᠤᠯᠭᠠᠷᠠᠵᠤ ᠪᠠᠷᠠᠳᠠᠯ᠎ᠠ
ᠴᠢᠮ᠎ᠠ ᠳᠠᠭᠠᠨ ᠯᠠ ᠭᠡᠵᠤ ᠰᠢᠯᠦᠭ᠌ ᠪᠢᠴᠢᠶ᠎ᠠ
ᠵᠤᠬᠢᠶᠠᠭᠴᠢ ᠶᠢᠨ ᠬᠠᠶᠢᠭ ᠄ ᠪᠠᠭᠠᠷᠢᠨ ᠤ ᠪᠠᠢ᠌ᠰᠢᠩᠳᠤ
ᠵᠤᠬᠢᠶᠠᠭᠴᠢ᠄ ᠳ᠋·ᠪᠦᠷᠢᠨᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2011 ᠤᠨ ᠤ 05 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ