ᠨᠡᠪᠲᠡᠷᠡᠨ ᠤᠷᠤᠬᠤ
ᠳᠠᠨᠢᠯᠴᠠᠵᠤ ᠠᠪᠣᠶ᠎ᠠ

ᠳᠡᠭ᠍ᠷᠢ ᠶᠢᠨ ᠳᠠᠷᠠ ᠬᠠᠶᠠᠭᠠᠨ ᠡᠴᠡ

ᠳᠠᠯᠪᠢ ᠰᠢᠭ᠌ ᠡᠭᠦᠯᠡ ᠣᠷᠭᠤᠭᠰᠠᠭᠠᠷ ᠢᠷᠠᠨ᠎ᠠ

ᠳᠡᠷᠢᠭᠦᠨ ᠳᠡᠭᠡᠭᠦᠷ ᠭᠦᠪᠪᠦᠨ ᠥᠩᠭᠡᠷᠡᠭᠦ ᠳᠤ ᠨᠢ

ᠳᠠᠯᠠᠯᠤᠨ ᠠᠪᠴᠢᠷᠠᠵᠤ ᠳᠠᠨᠢᠯᠴᠠᠵᠤ ᠠᠪᠣᠶ᠎ᠠ

ᠳᠡᠭ᠍ᠷᠢ ᠣᠳᠤᠮᠳᠤ ᠮᠤᠩᠭ᠋ᠤᠯ ᠶᠢᠡᠨ ᠵᠢᠰᠤᠯᠠᠵᠤ ᠳᠠᠨᠢᠭᠰᠠᠨ ᠶᠤᠮ ᠪᠣᠯ

ᠳᠤᠰᠤᠯ ᠪᠣᠯᠤᠭᠰᠠᠨ ᠴᠤ ᠪᠣᠯᠤᠭ

ᠳᠤᠩᠭ᠋ᠠᠯᠠᠭ ᠬᠤᠷ᠎ᠠ ᠪᠠᠨ ᠳᠠᠭᠤᠳᠠᠬᠤ ᠪᠠᠢ᠌ᠯᠭᠦᠢ


ᠭᠠᠵᠠᠷ ᠤᠨ ᠳᠠᠷᠠ ᠭᠢᠵᠠᠭᠠᠷ ᠡᠴᠡ

ᠭᠠᠷᠤᠳᠢ ᠭᠡᠮᠡᠷ ᠰᠢᠪᠠᠭᠤ ᠳᠠᠭᠤᠯᠠᠭᠰᠠᠭᠠᠷ ᠢᠷᠠᠨ᠎ᠠ

ᠭᠡᠷ ᠤᠨ ᠳᠡᠭᠡᠭᠦᠷ ᠨᠢᠰᠤᠨ ᠥᠩᠭᠡᠷᠡᠭᠦ ᠳᠤ ᠨᠢ

ᠭᠠᠷ ᠳᠤᠭᠢᠵᠤ ᠳᠠᠨᠢᠯᠴᠠᠵᠤ ᠠᠪᠣᠶ᠎ᠠ

ᠭᠠᠯᠪᠤᠨ ᠭᠠᠭᠴᠠᠬᠠᠨ ᠮᠤᠩᠭ᠋ᠤᠯ ᠶᠢᠡᠨ ᠵᠢᠰᠤᠯᠠᠵᠤ ᠳᠠᠨᠢᠭᠰᠠᠨ ᠶᠤᠮ ᠪᠣᠯ

ᠭᠠᠭᠴᠠ ᠨᠤᠲ᠋ ᠴᠤ ᠪᠣᠯᠤᠭ

ᠭᠠᠢ᠌ᠬᠠᠭᠤᠯᠤᠮ᠎ᠠ ᠨᠢᠭᠡ ᠳᠤᠩᠭ᠋ᠤᠳᠤᠬᠤ ᠪᠠᠢ᠌ᠯᠭᠦᠢ


ᠠᠯᠤᠰ ᠤᠨ ᠳᠠᠷᠠ ᠳᠡᠷᠳᠡᠭᠡ ᠡᠴᠡ

ᠠᠷᠭᠤᠮᠠᠭ ᠭᠦᠯᠦᠭ᠌ ᠳᠠᠪᠭᠢᠭᠰᠠᠭᠠᠷ ᠢᠷᠠᠨ᠎ᠠ

ᠠᠷᠤ ᠳᠠᠯ᠎ᠠ ᠪᠠᠷ ᠵᠢᠷᠪᠢᠯᠵᠠᠨ ᠥᠩᠭᠡᠷᠡᠭᠦ ᠳᠤ ᠨᠢ

ᠣᠷᠢᠶ᠎ᠠ ᠬᠠᠰᠭᠢᠷᠴᠤ ᠳᠠᠨᠢᠯᠴᠠᠵᠤ ᠠᠪᠣᠶ᠎ᠠ

ᠤᠭᠰᠠᠭ᠎ᠠ ᠨᠢᠭᠡᠳᠤ ᠮᠤᠩᠭ᠋ᠤᠯ ᠶᠢᠡᠨ ᠵᠢᠰᠤᠯᠠᠵᠤ ᠳᠠᠨᠢᠭᠰᠠᠨ ᠶᠤᠮ ᠪᠣᠯ

ᠣᠨᠠᠭᠠᠨ ᠳᠠᠭᠤ ᠪᠠᠷ ᠴᠤ ᠪᠣᠯᠤᠭ

ᠣᠶᠠᠷᠠᠳᠠᠯ᠎ᠠ ᠨᠢᠭᠡ ᠦᠣᠷᠰᠡᠭᠦ ᠪᠠᠢ᠌ᠯᠭᠦᠢ


ᠬᠤᠯᠠ ᠶᠢᠨ ᠳᠠᠷᠠ ᠵᠥᠭ᠌ ᠡᠴᠡ

ᠬᠤᠤᠰ ᠵᠠᠯᠠᠭᠤ ᠳᠦᠷᠦᠭᠡ ᠬᠠᠷᠰᠢᠭᠤᠯᠤᠭᠰᠠᠭᠠᠷ ᠢᠷᠠᠨ᠎ᠠ

ᠬᠤᠷᠤᠭᠠᠨ ᠡᠮᠦᠨᠡᠭᠦᠷ ᠳᠠᠪᠭᠢᠨ ᠥᠩᠭᠡᠷᠡᠭᠦ ᠳᠤ ᠨᠢ

ᠬᠠᠠᠴᠤᠢ ᠡᠴᠡ ᠨᠢ ᠳᠠᠳᠠᠵᠤ ᠳᠠᠨᠢᠵᠤ ᠠᠪᠣᠶ᠎ᠠ

ᠭᠡᠯᠡ ᠨᠢᠭᠡᠳᠤ ᠮᠤᠩᠭ᠋ᠤᠯ ᠶᠢᠡᠨ ᠵᠢᠰᠤᠯᠠᠵᠤ ᠳᠠᠨᠢᠭᠰᠠᠨ ᠶᠤᠮ ᠪᠣᠯ

ᠭᠡᠵᠢᠶ᠎ᠡ ᠨᠢᠭᠡ ᠣᠴᠠᠷᠠᠭᠰᠠᠨ ᠴᠤ ᠦᠭᠡᠶ ᠪᠣᠯᠤᠭ

ᠬᠤᠷᠸ᠎ᠠ ᠨᠢᠭᠡ ᠳᠦᠷᠭᠢᠳᠠᠯ᠎ᠠ ᠨᠠᠢ᠌ᠷᠯᠠᠨ ᠰᠠᠭᠤᠶ᠎ᠠ


    2011᠂ 1᠂ 1


ᠵᠤᠬᠢᠶᠠᠭᠴᠢ ᠶᠢᠨ ᠬᠠ‍‌ᠶᠢᠭ ᠄ ᠲᠦᠰᠢᠶᠠᠳᠤ

ᠵᠤᠬᠢᠶᠠᠭᠴᠢ᠄ ᠣᠷᠭᠢᠯᠤᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2011 ᠤᠨ ᠤ 01 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ