ᠨᠡᠪᠲᠡᠷᠡᠨ ᠤᠷᠤᠬᠤ
ᠮᠢᠨᠤ ᠪᠠᠭᠰᠢ
ᠭᠠᠪᠢᠶᠠᠳᠤ ᠪᠠᠭᠰᠢ ᠶᠢᠨ ᠶᠢᠡᠨ ᠪᠣᠩᠬᠤᠨ ᠳᠡᠭᠡᠷ᠎ᠡ


ᠳᠠᠢ᠌ᠭᠠᠨ ᠭᠦᠶ‍ᠦᠳᠡᠯᠳᠤ ᠶᠢᠨ ᠨᠢᠷᠤᠭᠤᠨ ᠳ᠋ᠤ

ᠳᠡᠯᠡᠭᠡᠢ ᠪᠠᠶᠠᠰᠬᠠᠵᠤ ᠳᠤᠷᠨᠢᠭ᠎ᠠ

ᠳᠠᠯ᠎ᠠ ᠶᠢᠨ ᠳᠤᠶᠠᠭᠠᠳᠤ ᠦᠷᠠᠰ ᠤᠨ

ᠳᠠᠭᠢᠠᠳᠠ ᠮᠠᠴᠤᠳᠠᠭ ᠠᠭᠤᠯᠠ᠃

ᠣᠨᠠᠭᠠᠨ ᠳᠠᠭᠰᠢᠶ᠎ᠠ ᠲᠡᠶ ᠪᠠᠯᠴᠢᠭᠡᠷ ᠳᠤ

ᠣᠳᠤᠳ ᠤᠨ ᠰᠤᠷ ᠭᠢᠯᠳᠠᠭᠠᠨᠠᠭᠤᠯᠵᠤ᠂

ᠣᠭᠰᠠᠭ᠎ᠠ ᠳᠠᠮᠵᠢᠬᠤ ᠳᠤᠪᠴᠢᠶᠠᠨ ᠳ᠋ᠤ

ᠦᠴᠢᠭ᠌ ᠶᠢᠡᠨ ᠳᠠᠷᠬᠠᠯᠠᠭᠰᠠᠨ ᠵᠢᠦᠡᠭᠦᠯᠳᠡᠨ᠃

ᠡᠷᠭᠡᠳᠤ ᠰᠠᠢ᠌ᠬᠠᠨ ᠬᠠᠢ᠌ᠷᠬᠠᠨ ᠳ᠋ᠤ

ᠦᠷ ᠤᠨ ᠭᠡᠭᠡ ᠳᠤᠰᠬᠤ ᠰᠢᠭ

ᠡᠷᠢᠯᠴᠢᠳ ᠤᠨ ᠳᠡᠷᠭᠡᠯ ᠪᠣᠳᠤᠯ ᠳ᠋ᠤ

ᠡᠷᠳᠡᠮ ᠶᠢᠡᠷ ᠱᠠᠭᠢᠬᠤ ᠬᠤᠷ᠎ᠠ᠃

ᠪᠣᠮᠠᠨ ᠵᠤᠭᠢᠰᠳᠤ ᠨᠤᠮ ᠤᠨ

ᠪᠦᠷᠢᠨ ᠵᠣᠢ᠌ᠳᠤ ᠳᠠᠭᠢᠮᠳᠠᠭᠤ

ᠪᠢᠯᠢᠭ᠌ ᠤᠨ ᠣᠩᠭ᠋ᠤᠳ ᠪᠠᠭᠤᠬᠤ

ᠪᠣᠶᠠᠨ ᠭᠡᠰᠢᠭ᠍ᠳᠤ ᠳᠠᠯᠠᠯᠭ᠎ᠠ᠃

ᠣᠢ᠌ᠯᠠᠰ ᠤᠨ ᠰᠢᠳᠢᠳᠤ ᠣᠷᠭᠢᠯ ᠳ᠋ᠤ

ᠦᠯᠵᠡᠢ ᠮᠦᠷ ᠰᠤᠨᠤᠯᠵᠠᠭᠤᠯᠤᠨ

ᠦᠨᠢ ᠡᠭᠦᠷᠢᠳᠡ ᠣᠩᠰᠢᠭᠳᠠᠬᠤ

ᠪᠤᠳᠢᠭᠡᠷᠡᠯ ᠮᠢᠨᠤ ᠪᠠᠭᠰᠢ ᠶᠤᠮᠰᠠᠨ᠃

ᠵᠢᠯᠤᠭᠤ ᠬᠤᠤᠰ ᠠᠶᠠᠨ ᠤ

ᠭᠠᠠᠵᠤᠭ᠎ᠠ ᠪᠠᠶᠠᠨ ᠣᠯᠠᠷᠢᠯ ᠳ᠋ᠤ

ᠵᠤᠭᠰᠤᠭ᠎ᠠ ᠵᠠᠢ ᠦᠭᠡᠶ ᠪᠣᠳᠤᠭᠳᠠᠬᠤ

ᠭᠠᠪᠢᠶᠠᠳᠤ ᠪᠠᠭᠰᠢ ᠪᠠᠨ ᠳᠤᠷᠠᠳᠬᠠᠨᠠᠮ᠃


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠳᠡᠭᠡᠳᠤ ᠰᠤᠷᠭᠠᠭᠤᠯᠢ ᠶᠢᠨ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠳᠡᠭᠡᠳᠤ ᠰᠤᠷᠭᠠᠬᠤᠯᠢ

ᠵᠤᠬᠢᠶᠠᠭᠴᠢ᠄ ᠢ᠊·ᠭᠡᠰᠢᠭ᠍ᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3062
ᠴᠠᠭ᠄ 2011 ᠤᠨ ᠤ 03 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ