☆ ᠭᠦᠷᠵᠡᠪ
ᠰᠤᠯᠠ ᠥᠭᠡ
ᠵᠥᠭᠡᠷ ᠰᠠᠭᠤᠬᠤᠯᠠᠷ ᠬᠠᠶᠠ ᠳᠠᠭᠠᠨ ᠡᠯᠳᠡᠪ ᠤᠨ ᠬᠤᠯᠪᠣᠭ᠎ᠠ ᠬᠤᠷᠰᠢᠶ᠎ᠠ ᠥᠭᠡ ᠳᠠᠷᠢᠭᠢ ᠰᠠᠳᠭᠢᠴᠠ ᠳᠤ ᠮᠢᠨᠢ ᠣᠷᠤᠵᠤ ᠢᠷᠡᠭᠡᠳ ᠯᠠ ᠪᠠᠢ᠌ᠬᠤ ᠶᠤᠮ᠃ ᠵᠠᠷᠢᠮ ᠨᠢ ᠳᠠᠮᠠᠢ ᠴᠤ ᠭᠡᠷᠡᠭ᠌ ᠦᠭᠡᠶ ᠶᠠᠭᠤᠮ᠎ᠠ᠃ ᠵᠠᠷᠢᠮ ᠨᠢ ᠪᠠᠰᠠ ᠪᠣᠯᠬᠤ ᠴᠤ ᠶᠤᠮ ᠦᠦ ᠭᠡᠮᠡᠷ᠃ ᠶᠠᠮᠠᠷ ᠨᠢᠭᠡᠨ ᠠᠭᠤᠯᠭ᠎ᠠ᠂ ᠰᠠᠨᠠᠭ᠎ᠠ ᠳᠤᠰᠬᠠᠭᠳᠠᠵᠤ ᠪᠠᠢ᠌ᠬᠤ ᠴᠤ ᠶᠤᠮ ᠦᠦ ᠭᠡᠵᠤ ᠰᠠᠨᠠᠭᠳᠠᠭᠤᠯᠬᠤ ᠶᠤᠮ᠃
ᠡ᠊ᠨᠳᠡ ᠭᠡᠳᠤ ᠶᠢ ᠳᠡᠮᠳᠡᠭᠯᠡᠨ ᠰᠡᠢ᠌ᠷᠡᠭᠦᠯᠵᠤ᠂ ᠳᠠ ᠪᠦᠭᠦᠨ ᠳᠤ ᠳᠤᠯᠢᠯᠠᠭᠤᠯᠰᠤᠭᠠᠢ︕ ᠳᠠ ᠨᠡᠷ ᠲᠤ ᠶᠠᠭᠤ ᠨᠢᠭᠡ ᠶᠢ ᠰᠡᠳᠭᠢᠭᠦᠯᠵᠤ᠂ ᠶᠠᠭᠤ ᠨᠢᠭᠡ ᠶᠢ ᠪᠣᠳᠤᠭᠳᠠᠭᠤᠯᠵᠤ᠂ ᠶᠠᠭᠤ ᠨᠢᠭᠡ ᠳᠤ ᠴᠢᠨᠢ ᠳᠤᠰᠠᠯᠠᠮᠵᠢ ᠊᠊᠊᠊᠊᠊᠊᠊᠊᠊᠊᠊᠊᠊᠊ ᠰᠡᠩᠭᠡᠷᠡᠭᠦᠯᠦᠯ ᠪᠣᠯᠬᠤ ᠮᠠᠭᠠᠤᠨ︕ ᠶᠠᠭᠤ ᠴᠤ ᠪᠣᠯᠬᠤ ᠦᠭᠡᠶ ᠪᠠᠷ ᠪᠣᠳᠤᠬᠤ ᠳᠤ᠂ ᠰᠤᠨᠢᠷᠬᠠᠭᠠᠤᠨ ᠥᠩᠭᠡᠷᠡᠭᠦ ᠳᠤ᠂ ᠢᠯᠡᠭᠦᠳᠡᠭᠦ ᠣᠴᠢᠷ ᠯᠠᠪ ᠦᠭᠡᠶ᠃ ᠴᠠᠢ ᠶᠢᠨ ᠵᠤᠭᠤᠭ᠂ ᠴᠠᠭ ᠤᠨ ᠭᠦᠷᠳᠡᠭᠡᠮᠵᠢ ᠪᠣᠯᠵᠤ ᠮᠡᠳᠡᠭᠦ ᠴᠤ ᠪᠠᠢ᠌ᠬ᠎ᠠ︕᠂᠂᠂᠂
ᠡᠪᠦᠭᠡᠳ ᠨᠠᠰᠤᠳᠠᠤᠨ ᠲᠡᠶ ᠭᠡᠯᠡᠯᠴᠡᠵᠤ ᠵᠤᠭᠤᠭᠳᠠᠪᠠᠯ
ᠡᠪᠴᠢᠭᠦᠤ ᠴᠡᠭᠡᠵᠤ ᠳᠠᠨᠢ᠌ᠨ ᠠᠭᠤᠵᠢᠷᠠᠨ᠎ᠠ᠂
ᠥᠩᠭᠡᠷᠡᠭ᠍ᠰᠡᠨ ᠳᠡᠦᠭᠡ ᠶᠢ ᠨᠢᠭᠳᠠᠯᠠᠵᠤ ᠰᠤᠳᠤᠯᠪᠠᠯ
ᠡᠮᠦᠨᠡᠭᠢ ᠵᠠᠮ ᠵᠤᠷᠠᠢ᠌ᠨ ᠳᠤᠳᠤᠷᠠᠨ᠎ᠠ︕
ᠰᠤᠳᠤᠷ ᠪᠢᠴᠢᠭ᠌ ᠲᠡᠶ ᠨᠠᠢ᠌ᠵᠢᠯᠠᠵᠤ ᠬᠠᠨᠢᠯᠠᠪᠠᠯ
ᠰᠤᠶᠤᠯ ᠭᠦᠮᠦᠵᠢᠯ ᠳᠡᠭᠡᠭ᠍ᠰᠢᠯᠡᠵᠤ ᠦᠨᠳᠦᠷᠵᠢᠨᠠ᠂
ᠰᠢᠳᠤᠷᠭᠤ ᠶᠤᠰᠤ ᠶᠢ ᠪᠠᠷᠢᠮᠳᠠᠯᠠᠵᠤ ᠳᠠᠭᠢᠪᠠᠯ
ᠰᠤᠷᠳᠠᠯ ᠮᠤᠷᠠᠯ ᠳᠡᠭ᠍ᠰᠢᠷᠡᠵᠤ ᠰᠠᠢ᠌ᠵᠢᠷᠠᠨ᠎ᠠ︕
ᠠᠠᠳᠠ ᠨᠥᠭᠦᠤᠨ ᠲᠡᠭᠡᠨ ᠦᠨᠡᠠᠴᠢ ᠰᠢᠯᠤᠭᠤᠨ ᠪᠣᠯ
ᠠᠵᠢᠯ ᠣᠢ᠌ᠯᠠᠰ ᠪᠦᠳᠦᠮᠵᠢ ᠦᠯᠡᠮᠵᠢ︕
ᠠᠪᠣ ᠡᠵᠢ ᠳᠡᠭᠡᠨ ᠠᠴᠢᠯᠠᠯ ᠪᠦᠷᠢᠨ ᠪᠣᠯ
ᠠᠵᠤ ᠠᠮᠢᠳᠤᠷᠠᠯ ᠵᠢᠷᠭᠠᠯ ᠳᠡᠭᠦᠰ︕
ᠡᠷ᠎ᠡ ᠵᠤᠷᠢᠭ ᠳᠦᠭᠦᠷᠡᠩ ᠳᠡᠭ᠍ᠰᠢ ᠪᠣᠯ
ᠡᠷᠢᠯ ᠭᠦᠰᠡᠯ ᠳᠡᠷᠭᠡᠯ ᠪᠦᠳᠤᠨ︕
ᠡᠩ ᠪᠦᠭᠦᠳᠡᠭᠡᠷ ᠡᠶ᠎ᠡ ᠨᠠᠢ᠌ᠷᠰᠠᠭ ᠪᠣᠯ
ᠡᠨᠡ ᠬᠤᠷᠸ᠎ᠠ ᠡᠩᠭᠡ ᠠᠮᠤᠭᠤᠯᠠᠩ︕
2010.11.08 ᠊ᠤ ᠦᠳᠡᠰᠢ᠃
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2010 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ