ᠨᠡᠪᠲᠡᠷᠡᠨ ᠤᠷᠤᠬᠤ
ᠤᠬᠠᠭᠠᠷᠠᠵᠤ ᠬᠠᠢ᠌ᠷᠠᠯᠠᠬᠤ ᠡᠭᠡ ᠤᠷᠤᠨ

ᠳᠤᠭᠤᠯ ᠤᠨ ᠪᠠᠯᠴᠢᠭᠡᠷ ᠲᠤ ᠳᠤᠤᠰᠠ ᠰᠢᠭ ᠳᠠᠳᠠᠭᠰᠠᠨ ᠰᠤᠯᠤᠩᠭ᠋᠎ᠠ ᠶᠢᠨ ᠳᠤᠯᠤᠭᠠᠨ ᠥᠩᠭᠡ

ᠭᠦᠭᠡᠭᠡᠴᠡᠯᠳᠤᠨ ᠢᠨᠢᠶᠠᠵᠤ ᠶᠠᠪᠣᠬᠤ ᠳᠤ ᠪᠠᠨ ᠡᠭᠡ ᠣᠷᠤᠨ ᠭᠡᠳᠡᠭ ᠢ ᠮᠡᠳᠡᠭᠡ ᠦᠭᠡᠶ

ᠳᠤᠷᠭᠠᠨ ᠨᠤᠭᠤᠭᠠᠨ ᠴᠡᠴᠡᠭ᠍ᠳᠤ ᠳᠠᠯ᠎ᠠ᠂ ᠲ᠋ᠤᠯᠢᠨ ᠴᠡᠩᠭᠡᠷ ᠨᠠᠭᠤᠷ ᠪᠦᠷᠢᠳᠤ

ᠦᠨᠳᠦᠷ ᠰᠥᠷᠯᠢᠭ᠌ ᠠᠭᠤᠯᠠ ᠨᠢᠷᠤᠭᠤᠳ ᠶᠢᠡᠨ ᠮᠠᠨ ᠤ ᠭᠢ ᠭᠡᠵᠤ

ᠴᠢᠯᠠᠭᠤ ᠦᠷᠦᠵᠤ ᠳᠤᠭᠯᠠᠬᠤ ᠳᠤ ᠪᠠᠨ ᠡᠭᠡ ᠣᠷᠤᠨ ᠭᠡᠵᠤ ᠭᠡᠯᠡᠭᠡ ᠦᠭᠡᠶ

ᠳᠤᠭᠤᠷᠤᠤ ᠴᠡᠮᠨᠡᠵᠤ᠂ ᠬᠡᠦᠬᠡᠳ ᠨᠠᠷᠭᠢᠯᠳᠤᠭᠰᠠᠨ ᠡᠷᠭᠡ ᠴᠢᠯᠦᠭᠡᠨ ᠤ ᠵᠠᠢ ᠳᠤ ᠪᠠᠨ

ᠭᠤᠨᠢᠭ ᠵᠤᠪᠠᠨᠢᠯ ᠢ ᠰᠡᠷᠡᠭᠡ ᠦᠭᠡᠶ

ᠳᠤᠮᠤᠭ ᠤᠨ ᠳᠤᠳᠤᠷᠠᠭᠢ ᠪᠠᠭᠠᠳᠤᠷ ᠤᠨ ᠳᠤᠤᠯᠢ ᠴᠢᠩᠨᠠᠨ ᠶᠡᠭᠡ ᠮᠤᠩᠭ᠋ᠤᠯ ᠤᠨ ᠣᠰᠤᠯ ᠪᠣᠯᠵᠤ

ᠰᠢᠷ᠎ᠠ ᠳᠠᠯ᠎ᠠ ᠪᠠᠨ ᠡ᠊ᠨᠳᠡᠭᠦᠷᠡᠵᠤ ᠶᠠᠪᠣᠯ᠎ᠠ

ᠰᠢᠪᠠᠭᠤᠳ ᠨᠢ ᠪᠣᠴᠠᠭᠰᠠᠨ ᠨᠠᠭᠤᠷ ᠰᠢᠭ ᠶᠡᠭᠡ ᠨᠠᠢ᠌ᠷ ᠳᠠᠷᠠᠵᠤ ᠪᠣᠴᠭᠬᠤ ᠪᠠᠷ

ᠣᠢ᠌ᠤᠠᠬᠠᠷ ᠰᠢᠨᠠᠯᠤᠯ ᠢ ᠪᠣᠳᠤᠨ ᠠᠪᠣ ᠶᠢᠨ ᠠᠷᠤ ᠳᠤ ᠰᠤᠠᠳᠠᠯᠠᠵᠤ ᠪᠣᠴᠠᠬᠤ ᠳᠤ ᠪᠠᠨ

ᠢᠰᠭᠡᠷᠭᠦ ᠳᠠᠭᠤᠨ ᠳᠤ ᠨᠢ ᠳᠤᠭᠳᠤᠯᠠᠵᠤ ᠶᠠᠪᠣᠯ᠎ᠠ

ᠰᠢᠵᠢᠷᠳᠠᠨ ᠭᠢᠯᠳᠠᠭᠠᠨᠠᠭᠰᠠᠨ ᠣᠷᠳᠤ ᠨᠠᠮᠤᠷ ᠶᠢᠡᠷ ᠠᠢ᠌ᠯ ᠨᠡᠭᠦᠵᠤ ᠡᠭᠢᠯᠡᠭᠦ ᠪᠠᠷ

ᠰᠠᠯᠵᠤ ᠬᠠᠭᠠᠴᠠᠬᠤ ᠶᠢ ᠮᠠᠳᠠᠷᠠᠨ ᠴᠢᠯᠠᠭᠤᠨ ᠳᠤᠭᠯᠠᠭᠠᠮ ᠳ᠋ᠤ

ᠰᠢᠩᠭᠡᠵᠤ ᠰᠡᠳᠭᠢᠯ ᠮᠢᠨᠢ ᠬᠤᠴᠤᠷᠤᠯ᠎ᠠ

ᠠᠢ︕ ᠪᠢ ᠣᠭᠢᠯᠠᠭᠠᠤᠨ ᠯᠠ ᠪᠠᠢ᠌ᠬᠤ ᠦᠦ ᠳ᠋ᠠ︖

ᠠᠯᠢ ᠡᠰᠡᠭᠦᠯ᠎ᠡ ᠪᠢ ᠳᠠᠭᠤᠯᠠᠭᠠᠤᠨ ᠯᠠ ᠪᠠᠢ᠌ᠬᠤ ᠦᠦ ᠳ᠋ᠠ︖

ᠴᠢᠯᠠᠭᠤᠨ ᠳᠤ ᠰᠢᠩᠭᠡᠭ᠍ᠰᠡ ᠨᠢᠯᠪᠣᠰᠤ ᠡᠭᠡ ᠣᠷᠤᠨ ᠮᠢᠨᠢ ᠪᠠᠢ᠌ᠵᠠᠢ

ᠴᠢᠰᠤᠨ ᠳᠤ ᠰᠢᠮᠡᠳᠦᠭ᠍ᠰᠡᠨ ᠣᠰᠤ ᠰᠢᠷᠤᠢ ᠡᠭᠡ ᠣᠷᠤᠨ ᠮᠢᠨᠢ ᠪᠠᠢ᠌ᠵᠠᠢ

ᠨᠠᠳᠠ ᠳᠤ ᠳᠤᠮᠤᠭ ᠶᠠᠷᠢᠳᠠᠭ ᠠᠪᠣ ᠶᠢᠨ ᠮᠢᠨᠢ ᠮᠤᠩᠭ᠋ᠤᠯ ᠴᠢᠷᠠᠢ ᠡᠭᠡ ᠣᠷᠤᠨ ᠪᠠᠢ᠌ᠵᠠᠢ

ᠨᠠᠳᠠ ᠳᠤ ᠣᠮᠤᠭ ᠥᠭ᠍ᠳᠡᠭ᠌ ᠳᠤᠯᠭ᠎ᠠ ᠶᠢᠨ ᠮᠢᠨᠢ ᠮᠥᠩᠭᠡ ᠭᠠᠯ ᠡᠭᠡ ᠣᠷᠤᠨ ᠪᠠᠢ᠌ᠵᠠᠢ

ᠪᠢ ᠡᠭᠡ ᠣᠷᠤᠨ ᠶᠢᠠᠨ ᠭᠡᠵᠤ ᠭᠦᠭᠡᠷᠦᠭᠦᠨ ᠭᠡᠦᠭᠡᠨ ᠶᠢᠠᠷ ᠨᠢ ᠬᠠᠴᠠᠷ ᠶᠢᠡᠨ ᠥᠨᠦᠰᠦᠭᠦᠯᠭᠦ ᠶᠤᠮ ᠰᠠᠨ

ᠪᠢ ᠡᠭᠡ ᠣᠷᠤᠨ ᠶᠢᠡᠨ ᠭᠡᠵᠤ ᠭᠦᠡᠳᠤ ᠭᠠᠷ ᠶᠢᠠᠷ ᠴᠢᠨᠢ ᠪᠣᠷᠤᠭᠤ ᠪᠠᠨ ᠠᠯᠭᠠᠳᠠᠭᠤᠯᠬᠤ ᠶᠤᠮ ᠰᠠᠨ

ᠪᠢ ᠡᠭᠡ ᠣᠷᠤᠨ ᠶᠢᠡᠨ ᠭᠡᠵᠤ ᠭᠦᠭ᠍ᠰᠡᠯ ᠪᠠᠶᠠᠰᠤᠯ ᠤᠨ ᠰᠢᠯᠤᠩ ᠶᠢᠡᠨ ᠡᠷᠭᠦᠭᠦ ᠶᠤᠮ ᠰᠠᠨ

ᠪᠢ ᠡᠭᠡ ᠣᠷᠤᠨ ᠶᠢᠡᠨ ᠭᠡᠵᠤ ᠭᠦᠮᠤᠨ ᠵᠠᠶᠠᠭᠠᠨ ᠤ ᠳᠠᠩᠭ᠋ᠠᠷᠢᠭ ᠶᠢᠡᠨ ᠦᠭ‍ᠭᠦ ᠶᠤᠮ ᠰᠠᠨ

ᠡᠭᠡ ᠣᠷᠤᠨ ᠮᠢᠨᠢ《ᠳᠠᠭᠤ ᠪᠠᠨ ᠭᠦᠯᠳᠡᠳᠡᠯ᠎ᠡ ᠭᠦᠦᠭᠡᠢ᠌ᠯᠡᠵᠤ ᠶᠠᠪᠣᠭ᠎ᠠ》

ᠡᠴᠢᠭᠡ ᠶᠢᠨ ᠮᠢᠨᠢ ᠣᠷᠭ᠎ᠠ᠂ ᠵᠤᠷᠢᠭ ᠢ ᠨᠠᠳᠠ ᠳᠤ ᠦᠭ‍ᠭᠦᠭᠡᠴᠢ

ᠡᠭᠡ ᠣᠷᠤᠨ ᠮᠢᠨᠢ ᠳᠤᠬᠤ ᠪᠠᠨ ᠬᠠᠯᠴᠠᠭᠠᠢ᠌ᠷᠠᠳᠠᠯ᠎ᠠ ᠵᠦᠳᠠᠷᠠᠵᠤ ᠶᠠᠪᠣᠭ᠎ᠠ ᠪᠠᠭᠰᠢ ᠶᠢᠨ ᠮᠢᠨᠢ

ᠣᠬᠠᠭ᠎ᠠ ᠰᠠᠭᠤᠭᠰᠠᠨ ᠰᠠᠮᠪᠠᠷ᠎ᠠ ᠶᠢ ᠨᠠᠳᠠ ᠳᠤ ᠠᠯᠢᠭᠠᠴᠢ ᠳ᠋ᠠ

ᠮᠢᠨᠤ ᠵᠠᠯᠠᠭᠤ ᠨᠠᠰᠤᠨ ᠤ ᠡᠷᠭᠡ ᠴᠢᠯᠦᠭᠡ᠂ ᠦᠳᠡᠯ᠎ᠠ ᠨᠠᠰᠤᠨ ᠤ

ᠵᠤᠯ ᠵᠢᠷᠭᠠᠯ ᠁᠁ ᠡᠭᠡ ᠣᠷᠤᠨ ᠮᠢᠨᠢ

ᠮᠢᠨᠤ ᠡᠨᠡᠭᠡᠨ ᠨᠠᠰᠤᠨ ᠤ ᠰᠠᠢ᠌ᠨ ᠰᠠᠢ᠌ᠬᠠᠨ᠂ ᠬᠣᠢ᠌ᠨ᠎ᠠ ᠨᠠᠰᠤᠨ ᠤ

ᠳᠤᠷᠠᠰᠤᠯ ᠮᠥᠷᠦᠭᠡᠳᠦᠯ ᠁᠁ ᠡᠭᠡ ᠣᠷᠤᠨ ᠮᠢᠨᠢ

ᠦᠨᠦᠰᠴᠤ ᠥᠭᠦᠭᠡᠷᠳᠡᠭᠦ᠂ ᠥᠭᠦᠵᠤ ᠵᠢᠷᠭᠠᠬᠤ ᠠᠭᠠᠷ ᠣᠭᠳᠠᠷᠭᠤᠢ

ᠭᠠᠵᠠᠷ ᠰᠢᠷᠤᠢ ᠳᠤ ᠪᠠᠨ ᠪᠢ ᠬᠠᠢ᠌ᠷᠠᠳᠠᠢ

ᠦᠪᠯᠠᠵᠤ ᠪᠦᠳᠦᠭᠡᠭᠦ᠂ ᠦᠮᠴᠢᠯᠠᠵᠤ ᠬᠤᠪᠢᠳᠠᠬᠤ ᠠᠮᠢᠳᠤᠷᠠᠯ ᠢᠷᠭᠡᠳᠦᠢ

ᠠᠰᠠᠬᠤ ᠭᠤᠯᠤᠮᠳᠠ ᠳᠤ ᠪᠠᠨ ᠪᠢ ᠦᠷᠢ ᠲᠡᠶ ︕

ᠵᠤᠬᠢᠶᠠᠭᠴᠢ᠄ ᠮ·ᠡᠷᠳᠡᠨᠢᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2870
ᠴᠠᠭ᠄ 2008 ᠤᠨ ᠤ 12 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ