ᠨᠡᠪᠲᠡᠷᠡᠨ ᠤᠷᠤᠬᠤ
ᠪᠠᠶᠠᠠᠪᠣᠯᠠᠭ ᠮᠢᠨᠢ

ᠵᠠᠭᠤᠨ ᠠᠭᠤᠯᠠ ᠶᠢᠨ ᠣᠷᠤᠢ ᠵᠤᠯᠴᠠ ᠶᠢᠨ ᠰᠠᠢ᠌ᠬᠠᠨ ᠭᠦᠳᠡᠭᠡ ᠳᠠᠢ

ᠵᠢᠷᠭᠠᠯᠠᠩ ᠤᠨ ᠰᠠᠢ᠌ᠬᠠᠨ ᠨᠤᠳᠤᠭ ᠣᠰᠤ ᠮᠢᠨᠢ

ᠵᠡᠭᠦᠳᠤᠨ ᠤ ᠣᠶᠠᠭ᠎ᠠ ᠨᠠᠰᠤ ᠪᠠᠷ ᠶᠢᠡᠨ ᠵᠢᠷᠭᠠᠭᠰᠠᠨ

ᠵᠤᠵᠠᠭᠠᠨ ᠭᠡᠰᠢᠭ᠌ ᠪᠣᠶᠠᠨ ᠲᠡᠶ ᠭᠠᠵᠠᠷ ᠮᠢᠨᠢ

     ᠵᠢᠷᠤᠭ ᠪᠣᠯᠤᠭᠰᠠᠨ ᠰᠠᠢ᠌ᠬᠠᠨ ᠪᠠᠶᠠᠠᠪᠣᠯᠠᠭ ᠮᠢᠨᠢ

     ᠵᠢᠷᠦᠭᠡᠨ ᠳᠤ ᠮᠢᠨᠢ ᠬᠤᠯᠪᠣᠭ᠎ᠠ ᠲᠡᠶ ᠨᠤᠳᠤᠭ

     ᠵᠡᠭᠦᠳᠤᠨ ᠤ ᠣᠶᠠᠭ᠎ᠠ ᠡᠴᠠ ᠬᠤᠯᠠᠳᠠᠳᠠᠭ ᠥᠭᠡᠢ

     ᠵᠤᠭᠠᠴᠠᠯ ᠤᠨ ᠰᠠᠢ᠌ᠬᠠᠨ ᠣᠷᠤᠨ ᠪᠠᠶᠠᠠᠪᠣᠯᠠᠭ ᠮᠢᠨᠢ

ᠳᠠᠪᠤᠨ ᠬᠤᠰᠢᠭᠤ ᠮᠠᠯ ᠰᠦᠷᠦᠭ᠌ ᠨᠢ

ᠳᠠᠷᠭᠤ ᠴᠠᠳᠬᠤᠯᠠᠩ ᠪᠠᠢ᠌ᠳᠠᠭ ᠪᠠᠯᠴᠢᠭᠡᠷ ᠮᠢᠨᠢ

ᠳᠠᠷᠠᠭ ᠠᠢ᠌ᠷᠠᠭ ᠤᠨ ᠦᠨᠦᠷ ᠬᠠᠩᠬᠤᠯᠤᠭᠰᠠᠨ

ᠳᠠᠩᠰᠤᠭ ᠪᠠᠶᠠᠨ ᠭᠦᠳᠡᠭᠡ ᠮᠢᠨᠢ

     ᠰᠠᠷᠠᠭᠤᠯ ᠰᠠᠢ᠌ᠬᠠᠨ ᠪᠠᠶᠠᠠᠪᠣᠯᠠᠭ ᠮᠢᠨᠢ

     ᠰᠠᠯᠵᠤ ᠶᠠᠪᠣᠬᠤ ᠳᠤ ᠭᠡᠴᠡᠭᠦᠤ ᠪᠠᠢ᠌ᠨ᠎ᠠ

     ᠰᠠᠨᠠᠭᠠᠨ ᠡᠴᠠ ᠭᠠᠷᠳᠠᠭ ᠥᠭᠡᠢ

     ᠰᠠᠢ᠌ᠬᠠᠨ ᠨᠤᠳᠤᠭ ᠪᠠᠶᠠᠠᠪᠣᠯᠠᠭ ᠮᠢᠨᠢ

ᠬᠠᠷᠭᠠᠢ ᠴᠠᠭᠢᠭᠤᠷ ᠤᠨ ᠦᠵᠡᠮᠵᠢ ᠨᠢ

ᠬᠠᠷᠢ ᠶᠢᠨ ᠵᠤᠴᠢᠳ ᠤᠨ ᠪᠠᠬᠠᠷᠤᠯ ᠢ ᠳᠠᠳᠠᠳᠠᠭ

ᠬᠠᠯᠭᠢᠯᠠᠨ ᠣᠷᠤᠰᠬᠤ ᠬᠠᠢ᠌ᠳᠠᠭ ᠤᠨ ᠭᠤᠤᠯ ᠨᠢ

ᠬᠠᠷᠱᠢᠷ᠎ᠠ ᠳᠠᠮᠵᠢᠭᠠᠤᠨ ᠪᠣᠰᠳᠤᠨᠠᠭᠤᠷ ᠴᠢᠤᠠᠬᠤᠳᠠᠭ

     ᠳᠡᠭᠡᠵᠢᠡᠪᠠᠪᠦᠤ ᠬᠠᠢ᠌ᠵᠠᠯᠢᠪᠢ ᠶᠢᠨ ᠣᠪᠣᠭ᠎ᠠ ᠳᠠᠭᠢᠯᠭᠠᠨ

     ᠳᠡᠭᠡᠳᠦᠰ ᠰᠢᠳᠦᠭᠡᠨ ᠪᠣᠯᠭᠠᠭᠠᠤᠨ ᠮᠦᠷᠭᠦᠳᠡᠭ᠌

     ᠭᠦᠩᠭᠦᠰ ᠤᠨ ᠦᠨᠳᠦᠷ ᠣᠢ ᠰᠢᠭᠤᠢ ᠨᠢ

     ᠭᠦᠭᠡᠷᠡᠨ ᠳᠦᠩᠭᠡᠨᠡᠨ ᠬᠠᠷᠠᠭᠳᠠᠳᠠᠭ

ᠠᠷᠢᠭᠤᠨ ᠳᠤᠩᠭ᠋ᠠᠯᠠᠭ ᠷᠠᠰᠢᠶᠠᠳᠤ ᠶᠢᠨ ᠷᠠᠰᠢᠶᠠᠨ ᠨᠢ

ᠠᠷᠠᠰᠤᠨ ᠤ ᠰᠢᠷᠬ᠎ᠠ ᠶᠢ ᠡᠮᠨᠡᠵᠤ ᠪᠠᠢ᠌ᠳᠠᠭ

ᠠᠵᠢᠯᠴᠢ ᠪᠣᠷᠤᠭᠵᠢᠭᠤᠨ ᠮᠠᠯᠴᠢᠳ

ᠠᠵᠤ ᠠᠮᠢᠳᠤᠷᠠᠬᠤ ᠨᠤᠳᠤᠭ ᠪᠠᠶᠠᠠᠪᠣᠯᠠᠭ ᠮᠢᠨᠢ


ᠵᠤᠬᠢᠶᠠᠭᠴᠢ ᠶᠢᠨ ᠬᠠ‍‌ᠶᠢᠭ ᠄ ᠰᠢᠠᠵᠠᠶᠠᠩ ᠤᠨ ᠪᠠᠶᠠᠠᠭᠤᠤᠯ ᠵᠸᠤ ᠶᠢᠨ ᠡᡁᠸᠵᠢᠩ ᠰᠢᠶᠠᠨ ᠤ ᠪᠠᠶᠠᠠᠭᠤᠤᠯ ᠰᠤᠮᠤᠨ ᠤ ᠮᠠᠯ ᠡᠮᠴᠢ ᠶᠢᠨ ᠦᠷᠳᠡᠭᠡᠨ

ᠵᠤᠬᠢᠶᠠᠭᠴᠢ᠄ ᠮᠥᠩᠭᠡᠳᠡᠯᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2010 ᠤᠨ ᠤ 10 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ