ᠨᠡᠪᠲᠡᠷᠡᠨ ᠤᠷᠤᠬᠤ
ᠰᠠᠨᠠᠬᠤ ᠶᠤᠮ

ᠠᠭᠰᠢᠭᠤᠨ ᠬᠠᠷ᠎ᠠ ᠴᠠᠢ ᠪᠠᠨ

ᠠᠭᠠᠵᠢᠭᠤᠬᠠᠨ ᠣᠭᠤᠴᠢᠯᠠᠵᠤ ᠰᠠᠭᠤᠳᠠᠭ

ᠠᠭᠰᠢᠷᠠᠭ᠎ᠠ ᠪᠣᠭᠤᠷᠤᠯ ᠠᠪᠣ ᠶᠢ ᠪᠠᠨ

ᠠᠶᠤᠤᠯᠢᠬᠠᠢ ᠴᠡᠭᠡᠵᠢᠨ ᠳᠡᠭᠡᠨ ᠰᠠᠨᠠᠬᠤ ᠶᠤᠮ


ᠡᠪᠦᠯ ᠵᠤᠨ ᠢ ᠢᠯᠭᠠᠯ ᠥᠭᠡᠢ

ᠡᠷᠳᠡᠯᠡᠵᠤ ᠪᠣᠰᠤᠭᠠᠤᠨ ᠶᠠᠭᠠᠷᠠᠳᠠᠭ

ᠡᠮᠡᠭᠡᠨ ᠪᠣᠭᠤᠷᠤᠯ ᠡᠵᠢ ᠶᠢ ᠪᠠᠨ

ᠡᠯᠢᠭᠡ ᠵᠢᠷᠦᠭᠡᠨ ᠳᠡᠭᠡᠨ ᠰᠠᠨᠠᠬᠤ ᠶᠤᠮ


ᠠᠮᠢᠳᠤᠷᠠᠯ ᠤᠨ ᠵᠠᠮ ᠶᠢᠡᠨ ᠡᠯᠭᠦᠵᠤ

ᠠᠯᠤᠰ ᠬᠤᠳᠠᠨ ᠳᠤ ᠶᠠᠪᠣᠭᠰᠠᠨ

ᠠᠰᠪᠣᠷᠢ ᠴᠠᠢ᠌ᠯᠭᠠᠨ ᠡᠭᠡᠴᠢ ᠶᠢ ᠪᠠᠨ

ᠠᠷᠤ ᠬᠣᠢ᠌ᠨ᠎ᠠ ᠡᠴᠡ ᠨᠢ ᠰᠠᠨᠠᠬᠤ ᠶᠤᠮ


ᠬᠤᠷᠸ᠎ᠠ ᠳᠡᠯᠡᠭᠡᠢ ᠶᠢᠨ ᠦᠷᠦᠴᠠᠨ ᠳ᠋ᠤ

ᠬᠤᠶᠠᠷ ᠦᠭᠡᠶ ᠰᠡᠳᠭᠢᠯ ᠶᠢᠡᠷ ᠢᠨᠠᠭᠰᠢᠭᠰᠠᠨ

ᠬᠤᠨᠢᠨ ᠪᠣᠷᠤ ᠪᠦᠰᠡᠭᠦᠢ ᠪᠠᠨ

ᠬᠤᠩᠭ᠋ᠤᠷ ᠰᠡᠳᠭᠢᠯ ᠳᠡᠭᠡᠨ ᠰᠠᠨᠠᠬᠤ ᠶᠤᠮ᠁


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤ

ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2010 ᠤᠨ ᠤ 02 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ