☆ ᠳ᠋·ᠲᠦᠮᠡᠠᠰᠠᠩ
ᠨᠢᠳᠤ
ᠪᠠᠷᠤᠭ ᠯᠠ ᠮᠦᠷᠤ ᠱᠥᠷᠭᠦᠭᠡᠯᠴᠡᠵᠤ
ᠬᠤᠶᠠᠭᠤᠯᠠ ᠵᠥᠷᠢᠭ᠍ᠰᠡᠨ ᠠᠳᠠᠯ᠎ᠠ
ᠪᠠᠰᠤᠮᠵᠢᠯᠠᠭᠰᠠᠨ ᠬᠠᠷᠠᠴᠠ ᠪᠠᠨ ᠴᠤ
ᠥᠴᠦᠭᠡᠨ ᠨᠠᠳᠠ ᠱᠠᠩᠨᠠᠭᠰᠠᠨ ᠦᠭᠡᠶ
ᠣᠳᠠᠭᠠᠨ ᠴᠤ ᠡᠷᠢᠯ᠎ᠡ ᠰᠢᠤ ᠴᠢᠮᠢ᠋ᠢ ᠭᠡᠵᠤ
ᠵᠢᠷᠦᠭᠡ ᠰᠡᠳᠭᠢᠯ ᠳᠤᠭᠳᠤᠯᠵᠤ
ᠣᠶᠠᠩᠭ᠋᠎ᠠ ᠶᠢᠨ ᠭᠠᠯ ᠶᠢᠡᠷ ᠴᠤᠷᠭᠢᠨ ᠪᠠᠢ᠌ᠬᠤ ᠳᠤ
ᠴᠢ ᠠᠩᠵᠠᠭᠠᠷᠠᠭᠰᠠᠨ ᠦᠭᠡᠶ
ᠨᠠᠮᠤᠷ ᠤᠨ ᠬᠠᠷᠠᠵᠠ ᠰᠢᠭ ᠰᠠᠢ᠌ᠬᠠᠨ ᠮᠠᠯᠮᠠᠢ ᠨᠢ
ᠬᠠᠷᠠᠩ ᠪᠢᠯᠢᠤ ᠭᠡᠭᠦ ᠳᠤ
ᠨᠠᠭᠠᠰᠢᠯᠠᠵᠤ ᠴᠠᠭᠠᠰᠢᠯᠠᠬᠤ ᠲᠦᠮᠡᠨ ᠤ ᠣᠷᠤᠰᠬᠠᠯ ᠳᠤᠮᠳᠠᠭᠤᠷ
ᠨᠠᠮᠪᠠᠭᠠᠯᠢᠭᠬᠠᠨ ᠠᠯᠬᠤᠵᠤ ᠳᠠᠯᠳᠠᠷᠢᠬᠤ ᠳᠤ ᠪᠠᠨ
ᠭᠦᠯ ᠶᠠᠷᠤ ᠠᠯᠳᠠᠭᠰᠠᠨ ᠦᠭᠡᠶ
ᠡᠪᠦᠷᠳᠦᠯᠡᠵᠤ ᠪᠣᠯᠬᠤ ᠦᠭᠡᠶ ᠳᠤᠷᠠᠨ ᠭᠡᠵᠤ
ᠨᠢᠳᠤ ᠶᠤᠮ ᠪᠣᠯᠬᠤᠷ
ᠥᠷᠭᠡᠨ ᠴᠢᠯᠦᠭᠡ ᠲᠡᠶ
ᠵᠠᠮ ᠤᠨ ᠨᠢᠭᠡᠨ ᠠᠭᠤᠯᠵᠠᠷ ᠲᠤ
ᠦᠪᠡᠷ ᠢ ᠪᠠᠨ ᠪᠢ
ᠪᠣᠷᠤᠭᠤᠤᠠᠬᠠᠵᠤ ᠳᠠᠩᠴᠢ ᠴᠢᠳᠠᠭᠰᠠᠨ ᠦᠭᠡᠶ
ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ