☆ ᠪᠦᠭᠡᠴᠢᠯᠡᠭᠤ
ᠪᠦᠰᠡᠭᠦᠢ ᠮᠢᠨᠤ
ᠡᠷᠭᠡ ᠳᠠᠩᠭᠢᠯᠬᠠᠨ ᠨᠠᠰᠤ ᠶᠢ ᠪᠠᠨ
ᠡᠨᠡᠭᠡᠨ ᠪᠠᠶ᠎ᠠ ᠲᠡᠶ ᠪᠠᠨ ᠴᠤᠭ ᠵᠤᠷᠢᠭᠤᠯᠤᠭᠰᠠᠨ
ᠡᠭᠡᠴᠦᠦᠯ ᠦᠬᠢᠳ ᠤᠨ ᠳᠦᠯᠦᠭᠡᠨ᠎ᠡ
ᠡᠷ᠎ᠡ ᠭᠦᠮᠤᠨ ᠪᠢ ᠰᠢᠯᠦᠭ᠌ ᠪᠢᠴᠢᠯ᠎ᠠ
ᠡᠶ᠎ᠡ ᠣᠬᠠᠭᠠᠨ ᠤ ᠳᠠᠯᠠᠢ ᠶᠢ ᠴᠢᠨᠢ
ᠡᠰᠢᠯᠡᠵᠤ ᠣᠤᠠᠬᠤᠭᠠᠤᠨ ᠵᠢᠷᠭᠠᠨ᠎ᠠ ᠪᠢ
ᠡᠷᠡᠴᠦᠦᠯ ᠤᠨ ᠳᠤᠮᠳᠠ ᠦᠪᠡᠷ ᠤᠨ ᠮᠢᠨᠢ
ᠡᠪ ᠤᠨ ᠣᠷ᠎ᠠ ᠪᠠᠷ ᠥᠭᠡᠰᠢᠯᠡᠵᠤ ᠰᠢᠤ ᠴᠢ
ᠡᠮᠨᠢᠭ᠌ ᠡᠷ᠎ᠡ ᠶᠢᠨ ᠰᠡᠳᠭᠢᠯ ᠳ᠋ᠤ
ᠡᠷᠭᠢᠵᠤ ᠬᠤᠷᠭᠤᠳᠠᠬᠤ ᠰᠠᠨᠠᠯ ᠣᠷᠭᠤᠵᠠᠢ
ᠡᠮᠡᠭᠡᠯ ᠬᠠᠵᠠᠭᠠᠷ ᠲᠡᠶ ᠮᠤᠷᠢᠳ ᠰᠢᠭ
ᠡ᠊ᠨᠳᠡ ᠨᠢ ᠬᠤᠯᠠᠳᠬᠤ ᠦᠭᠡᠶ ᠣᠶᠠᠭᠳᠠᠵᠠᠢ
ᠡᠯᠳᠡᠪ ᠶᠠᠩᠵᠤ ᠶᠢᠨ ᠬᠤᠷᠸ᠎ᠠ ᠨᠢ
ᠡᠩᠭᠡᠷ ᠤᠨ ᠳᠤᠪᠴᠢ ᠨᠢ ᠶᠤᠮ ᠰᠢᠭ ᠵᠢᠵᠢᠭ᠍ᠷᠡᠵᠤ ᠭᠡᠨ᠎ᠡ
ᠡᠴᠢᠨ᠎ᠡ ᠰᠡᠳᠭᠢᠳᠡᠭ᠌ ᠤᠨ ᠥᠵᠦᠭᠦᠷ ᠲᠤ ᠨᠢ
ᠡᠨᠡ ᠲᠡᠶ ᠯᠠ ᠠᠮᠢᠳᠤᠷᠠᠨ᠎ᠠ ᠭᠡᠵᠤ ᠣᠭᠤᠷᠰᠤᠯᠠᠵᠤ ᠭᠡᠨ᠎ᠡ
ᠡᠭᠡ ᠣᠷᠤᠨ ᠤ ᠪᠣᠳᠤᠯ ᠤᠨ ᠵᠠᠢ᠌ᠴᠢᠨ ᠳ᠋ᠤ
ᠡᠩ ᠲᠡᠶ ᠳᠤᠷᠭ᠎ᠠ ᠶᠢᠨ ᠣᠷᠠᠨ ᠭᠠᠷ
ᠡᠰᠡᠨᠢᠭᠦ ᠥᠭᠡᠳᠡᠯᠡᠭᠦ ᠠᠮᠢᠳᠤᠷᠠᠯ ᠤᠨ ᠭᠡᠷᠡᠯ ᠳ᠋ᠤ
ᠡᠷᠦᠭᠡ ᠳᠠᠳᠠᠭᠰᠠᠨ ᠭᠡᠭᠡ ᠳᠠᠯᠯᠠᠭᠴᠢ
ᠡᠯᠢᠭᠡ ᠪᠦᠳᠤᠨ ᠠᠢ᠌ᠯ ᠤᠨ
ᠡᠭᠡᠰᠢᠭ᠌ ᠨᠡᠮᠡᠷᠢᠯᠡᠭ᠍ᠰᠡᠨ ᠳᠤᠶᠠᠭ᠎ᠠ ᠶᠤᠮᠰᠠᠨ
ᠡᠪᠠᠢ ᠦᠷ᠎ᠡ ᠪᠠᠨ ᠪᠦᠦᠪᠠᠢ᠌ᠯᠡᠳᠡᠭ᠌ ᠤᠨ
ᠡᠩᠭᠡ ᠠᠮᠤᠷ ᠤᠨ ᠴᠡᠩᠭᠡᠯ ᠶᠤᠮᠰᠠᠨ
ᠡᠷᠭᠢᠰᠢ ᠦᠭᠡᠶ ᠣᠨ ᠵᠢᠯ ᠤᠳ ᠤᠨ
ᠡᠭᠢᠯᠡᠯᠳᠡ ᠶᠤᠮᠰᠢᠭ ᠳᠤᠤᠨᠢᠯ ᠪᠠᠢ᠌ᠨᠠᠮ
2010.3.8
ᠵᠤᠬᠢᠶᠠᠭᠴᠢ ᠶᠢᠨ ᠬᠠᠶᠢᠭ ᠄ ᠣᠯᠠᠭᠠᠢ ᠬᠠᠮᠢᠶᠠᠷᠤᠯᠳᠠ ᠶᠢᠨ ᠣᠷᠤᠨ
ᠵᠤᠬᠢᠶᠠᠭᠴᠢ᠄ ᠪᠦᠭᠡᠴᠢᠯᠡᠭᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2010 ᠤᠨ ᠤ 03 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ