☆ ᠳ᠋·ᠪᠠᠶᠠᠠᠪᠠᠳᠠᠷᠠᠬᠤ
ᠳᠡᠭ᠍ᠷᠢ ᠭᠦᠪᠴᠢ
ᠠᠷᠭᠤᠮᠠᠭ ᠭᠦᠯᠦᠭ᠌ ᠤᠨ ᠬᠠᠯᠠᠭᠤᠨ ᠳᠤᠭᠤᠰᠤᠨ ᠤ ᠴᠢᠯᠠᠭᠤᠵᠢᠮᠠᠯ ᠪᠣᠯ ᠭᠦᠪᠴᠢ
ᠠᠢ᠌ᠷᠠᠭ ᠨᠠᠢ᠌ᠷᠠᠭ ᠤᠨ ᠴᠢᠯᠦᠭᠡᠳᠤ ᠣᠶᠠᠩᠭ᠋ᠠᠨ ᠤ ᠴᠤᠤᠷᠢᠶᠠᠳᠤᠯ ᠪᠣᠯ ᠭᠦᠪᠴᠢ
ᠳᠠᠷᠤᠭᠰᠠᠨ ᠴᠤ ᠰᠢᠠᠳᠠᠰᠤ ᠪᠠᠨ ᠥᠭ᠍ᠳᠡᠭ᠌ ᠦᠭᠡᠶ ᠰᠠᠢ᠌ᠨ ᠡᠷ᠎ᠡ ᠪᠣᠯ ᠭᠦᠪᠴᠢ
ᠳᠠᠰᠤᠯᠤᠭᠰᠠᠨ ᠴᠤ ᠡᠯᠡᠰᠤ ᠪᠠᠨ ᠬᠤᠪᠢᠶᠠᠳᠠᠭ ᠦᠭᠡᠶ ᠰᠠᠢ᠌ᠨ ᠨᠠᠷᠠ ᠪᠣᠯ ᠭᠦᠪᠴᠢ
ᠮᠤᠩᠭ᠋ᠤᠯ ᠣᠷᠤᠨ ᠤ ᠪᠠᠨ ᠬᠠᠭᠠᠨ ᠳᠠᠯ᠎ᠠ ᠶᠢ ᠳᠠᠷᠠᠯᠠᠵᠤ ᠣᠷᠤᠰᠢᠬᠤ ᠶᠢᠨ ᠭᠡᠯᠪᠠᠷᠢ
ᠮᠤᠩᠭ᠋ᠤᠯ ᠮᠤᠷᠢᠨ ᠤ ᠪᠠᠨ ᠣᠰᠤᠨ ᠵᠢᠷᠤᠭ᠎ᠠ ᠶᠢ ᠳᠠᠭᠤᠷᠢᠶᠠᠵᠤ ᠮᠥᠩᠭᠡᠷᠡᠭᠦ ᠶᠢᠨ ᠭᠡᠯᠪᠠᠷᠢ
ᠮᠤᠩᠭ᠋ᠤᠯ ᠳᠠᠭᠤᠨ ᠤ ᠪᠠᠨ ᠠᠭᠤᠵᠢᠮ ᠳᠦᠷᠢᠯᠭᠡ ᠶᠢ ᠠᠪᠴᠤ ᠰᠢᠭᠤᠷᠬᠤ ᠶᠢᠨ ᠰᠠᠢ᠌ᠯᠪᠣᠷᠢ
ᠮᠤᠩᠭ᠋ᠤᠯ ᠭᠦᠮᠤᠨ ᠤ ᠪᠠᠨ ᠬᠠᠯᠠᠭᠤᠨ ᠰᠠᠨᠠᠭ᠎ᠠ ᠶᠢ ᠳᠠᠭᠠᠵᠤ ᠬᠠᠢ᠌ᠯᠠᠬᠤ ᠶᠢᠨ ᠳᠠᠢ᠌ᠯᠪᠣᠷᠢ
ᠥᠭ᠍ᠶᠦᠭ᠌ ᠪᠠᠶᠠᠨ ᠪᠠᠢ᠌ᠭᠠᠯᠢ ᠶᠢᠨ ᠶᠢᠡᠨ ᠰᠤᠳᠤᠷ ᠢ ᠨᠢᠭᠤᠭᠰᠠᠨ ᠳᠤᠪᠴᠢ
ᠥᠭᠡᠯᠤᠨ ᠡᠵᠢ ᠳᠠᠮᠤᠵᠢᠨ ᠪᠠᠭᠠᠳᠤᠷ ᠢ ᠳᠡᠯᠡᠭᠡᠢ ᠳᠤ ᠳᠦᠷᠦᠭᠦᠯᠦᠭ᠍ᠰᠡᠨ ᠰᠢᠷᠤᠢ
ᠦᠷᠦᠮᠠᠨ ᠰᠢᠷᠭᠠᠯ ᠨᠠᠮᠤᠷ ᠤᠨ ᠶᠢᠡᠨ ᠬᠠᠢ᠌ᠷ᠎ᠠ ᠶᠢ ᠣᠨᠠᠭᠠᠭᠰᠠᠨ ᠭᠦᠪᠴᠢ
ᠥᠷᠯᠦᠭ᠌ ᠡᠵᠡᠨ ᠤ ᠪᠠᠨ ᠭᠢᠶᠠᠨ ᠰᠠᠭᠢᠭᠤᠰᠤ ᠶᠢ ᠮᠥᠩᠭᠡ ᠬᠤᠴᠢᠭᠰᠠᠨ ᠡᠯᠡᠰᠤ
ᠠᠷᠪᠠᠨ ᠭᠤᠷᠪᠠᠳᠤᠭᠠᠷ ᠵᠠᠭᠤᠨ ᠤ ᠪᠣᠭᠤᠷᠤᠯ ᠳᠡᠦᠭᠡ ᠶᠢᠨ ᠦᠨᠡᠨ ᠭᠡᠷᠡᠭ᠌
ᠠᠯᠳᠠᠨ ᠣᠷᠤᠭᠳᠤ ᠮᠤᠩᠭ᠋ᠤᠯ ᠲᠦᠮᠡᠨ ᠤ ᠠᠮᠢᠳᠤᠷᠠᠯ ᠰᠤᠶᠤᠯ ᠤᠨ ᠬᠠᠳᠠᠨ ᠪᠢᠴᠢᠭ᠌
ᠠᠮᠢ ᠪᠠᠶ᠎ᠠ ᠪᠠᠨ ᠬᠤᠯᠪᠤᠨ ᠬᠠᠮᠠᠭᠠᠯᠠᠭᠰᠠᠨ ᠮᠥᠩᠭᠡ ᠣᠷᠤᠰᠢᠬᠤ ᠣᠤᠭᠠᠯ ᠨᠤᠳᠤᠭ
ᠠᠴᠢ ᠬᠣᠢ᠌ᠴᠢ ᠳᠠᠭᠠᠨ ᠦᠪᠯᠠᠨ ᠦᠭᠭᠦ ᠡᠩᠭᠡ ᠢᠷᠦᠭᠡᠭᠦ ᠪᠣᠶᠠᠨ ᠬᠤᠳᠤᠭ
ᠵᠠᠭᠤᠨ ᠵᠠᠭᠤᠨ ᠶᠢᠡᠷ ᠠᠮᠢᠳᠤᠷᠠᠭᠰᠠᠨ ᠴᠤ ᠨᠤᠳᠤᠭ ᠶᠢᠡᠨ ᠢᠳᠡᠳᠡᠭ᠌ ᠦᠭᠡᠶ ᠨᠡᠭᠦᠳᠡᠯ
ᠵᠠᠭᠤᠷ᠎ᠠ ᠵᠠᠭᠤᠷ᠎ᠠ ᠪᠠᠨ ᠡᠪᠳᠡᠷᠡᠭ᠍ᠰᠡᠨ ᠴᠤ ᠣᠪᠣᠭ ᠶᠢᠡᠨ ᠮᠠᠷᠳᠠᠳᠠᠭ ᠦᠭᠡᠶ ᠮᠤᠩᠭ᠋ᠤᠯ
ᠵᠤᠨ ᠵᠤᠨ ᠶᠢᠡᠷ ᠭᠠᠩᠳᠠᠭᠰᠠᠨ ᠴᠤ ᠣᠪᠣᠭ᠎ᠠ ᠪᠠᠨ ᠳᠦᠯᠭᠢᠳᠡᠭ᠌ ᠦᠭᠡᠶ ᠰᠤᠶᠤᠯ
ᠵᠤᠭᠤᠰ ᠮᠦᠩᠭᠦ ᠪᠠᠷ ᠬᠠᠭᠤᠷᠤᠭᠰᠠᠨ ᠴᠤ ᠵᠤᠷᠢᠭ ᠶᠢᠡᠨ ᠥᠭ᠍ᠳᠡᠭ᠌ ᠦᠭᠡᠶ ᠮᠤᠩᠭ᠋ᠤᠯ
ᠮᠢᠩᠭ᠋ᠠᠨ ᠣᠨ ᠤ ᠰᠤᠶᠤᠯ ᠪᠣᠯᠪᠠᠰᠤᠨ ᠶᠢᠡᠨ ᠨᠢᠭᠤᠵᠤ ᠳᠡᠪᠳᠡᠷᠯᠡᠭ᠍ᠰᠡᠨ ᠰᠤᠳᠤᠷ
ᠵᠢᠩ ᠤᠨ ᠬᠤᠩᠬᠤᠨ ᠤ ᠭᠤᠷᠮᠤᠰᠤᠨ ᠳᠤᠤᠨᠢᠯ ᠢ ᠨᠠᠪᠳᠠ ᠰᠢᠩᠭᠡᠭᠡᠭ᠍ᠰᠡᠨ ᠵᠤᠭᠳᠤᠷ
ᠮᠢᠠᠳᠠᠰᠤ ᠵᠥᠭᠡᠯᠡᠨ ᠰᠢᠷᠤᠢ ᠪᠠᠷ ᠶᠢᠡᠨ ᠨᠤᠭᠤᠭᠠᠨ ᠶᠢᠡᠨ ᠬᠠᠢ᠌ᠷᠠᠯᠠᠭᠰᠠᠨ ᠴᠢᠳᠤᠷ
ᠵᠢᠩᠭ᠋ᠠᠷ ᠭᠡᠰᠡᠷ ᠤᠨ ᠪᠠᠭᠠᠳᠤᠷ ᠶᠢᠡᠨ ᠡᠯᠢᠭᠡᠨ ᠳᠡᠭᠡᠨ ᠳᠡᠪᠠᠷᠢᠭ᠍ᠰᠡᠨ ᠡᠳᠦᠷ
ᠭᠦᠷᠤ ᠳᠠᠭᠤᠨ ᠤ ᠣᠩᠭ᠋ᠤᠨ ᠳᠦᠷᠢᠯᠭᠡ ᠭᠦᠢ ᠡᠴᠡ ᠨᠢ ᠡᠭᠢ ᠠᠪᠳᠠᠭ ᠭᠡᠡᠯᠡᠢ
ᠭᠦᠭᠡ ᠳᠡᠭ᠍ᠷᠢ ᠶᠢᠨ ᠠᠭᠤᠳᠠᠮ ᠬᠠᠶᠠᠭ᠎ᠠ ᠬᠤᠷᠮᠤᠢ ᠡᠴᠡ ᠨᠢ ᠠᠰ ᠪᠣᠰᠳᠠᠭ ᠭᠡᠡᠯᠡᠢ
ᠭᠦᠮᠤᠨ ᠵᠤᠨ ᠤ ᠳᠠᠯᠳᠠ ᠣᠤᠠᠬ᠎ᠠ ᠰᠢᠷᠤᠢ ᠡᠴᠡ ᠨᠢ ᠨᠢᠭᠤᠴᠠ ᠥᠨᠦᠷᠳᠦᠳᠡᠭ᠌ ᠭᠡᠡᠯᠡᠢ
ᠭᠦᠴᠤᠨ ᠴᠢᠳᠠᠯ ᠤᠨ ᠵᠤᠷᠢᠭ ᠰᠠᠨᠠᠭ᠎ᠠ ᠣᠷᠤᠢ ᠡᠴᠡ ᠨᠢ ᠰᠢᠷᠦᠭᠦᠨ ᠰᠢᠭᠤᠷᠳᠠᠭ ᠭᠡᠡᠯᠡᠢ
ᠴᠢᠩᠭᠢᠰ ᠤᠨ ᠮᠤᠩᠭ᠋ᠤᠯ ᠤᠨ ᠪᠦᠷᠢᠨ ᠳᠡᠦᠭᠡ ᠳᠡᠭ᠍ᠷᠢ ᠭᠦᠪᠴᠢ ᠳᠤ ᠬᠤᠴᠢᠭᠳᠠᠵᠤ ᠪᠣᠢ
ᠳᠠᠩᠭᠢᠰ ᠤᠨ ᠣᠰᠤ ᠶᠢ ᠴᠢᠤᠠᠬᠤᠭᠰᠠᠨ ᠴᠤ ᠵᠢᠪᠪᠦᠭᠦ ᠪᠠᠷ ᠪᠠᠢ᠌ᠬᠤ ᠥᠭᠡᠢ
ᠬᠠᠩᠭᠢᠰ ᠭᠡᠵᠤ ᠬᠠᠶᠠ ᠬᠠᠶᠠ ᠨᠠᠢ᠌ᠷ ᠤᠨ ᠳᠠᠭᠤᠤ ᠰᠤᠨᠤᠰᠳᠠᠵᠤ ᠪᠠᠢ᠌ᠨ᠎ᠠ
ᠬᠠᠮᠤᠭ ᠮᠤᠩᠭ᠋ᠤᠯ ᠤᠨ ᠡᠷᠭᠡᠳᠤ ᠠᠮᠢᠳᠤᠷᠠᠯ ᠪᠣᠯᠠᠭᠳᠠᠬᠤ ᠪᠠᠷ ᠪᠠᠢ᠌ᠬᠤ ᠥᠭᠡᠢ
ᠭᠦᠪᠴᠢ ᠊᠊᠊᠊᠊᠊᠊᠊᠊᠊᠊᠊᠊᠊᠊ ᠭᠦᠮᠤᠨ ᠤ ᠨᠤᠳᠤᠭ ᠡᠴᠡ ᠢᠷᠡᠭ᠍ᠰᠡᠨ ᠨᠡᠭᠦᠳᠡᠯ ᠡᠯᠡᠰᠤ ᠪᠢᠰᠢ
ᠭᠦᠪᠴᠢ ᠊᠊᠊᠊᠊᠊᠊᠊᠊᠊᠊᠊᠊᠊᠊ ᠮᠥᠩᠭᠡ ᠳᠡᠭ᠍ᠷᠢ ᠡᠴᠡ ᠪᠠᠭᠤᠭᠰᠠᠨ ᠵᠠᠷᠯᠢᠭ ᠪᠢᠴᠢᠭ᠌ ᠶᠤᠮ
ᠭᠦᠪᠴᠢ ᠊᠊᠊᠊᠊᠊᠊᠊᠊᠊᠊᠊᠊᠊᠊ ᠮᠠᠯ ᠤᠨ ᠮᠦᠷ ᠳᠠᠭᠠᠵᠤ ᠢᠷᠡᠭ᠍ᠰᠡᠨ ᠳᠡᠨᠦᠭᠦᠯ ᠮᠠᠩᠬ᠎ᠠ ᠪᠢᠰᠢ
ᠭᠦᠪᠴᠢ ᠊᠊᠊᠊᠊᠊᠊᠊᠊᠊᠊᠊᠊᠊᠊ ᠭᠦᠨᠦᠭᠡᠯᠳᠤ ᠠᠮᠢᠳᠠᠨ ᠢ ᠬᠠᠷᠪᠣᠭᠰᠠᠨ ᠵᠡᠷᠯᠢᠭ᠌ ᠵᠡᠪᠰᠡᠭ᠌ ᠶᠤᠮ
ᠳᠠᠮᠤᠵᠢᠨ ᠪᠠᠭᠠᠳᠤᠷ ᠤᠨ ᠨᠦᠵᠢ ᠠᠳᠬᠤᠵᠤ ᠣᠨᠠᠭᠰᠠᠨ ᠡᠨᠡ ᠰᠢᠷᠤᠢ ᠳᠡᠭᠡᠷ᠎ᠡ
ᠳᠡᠨᠡᠭ᠌ ᠤᠨ ᠳᠠᠢ᠌ᠳᠠᠢ ᠨᠢᠰᠤ ᠪᠠᠨ ᠴᠢᠷᠦᠭ᠍ᠰᠡᠨ ᠪᠢ ᠭᠦᠭᠡᠷᠦᠭᠦᠢ
ᠳᠡᠭ᠍ᠷᠢ ᠭᠦᠪᠴᠢ ᠳᠤᠭᠰᠢᠨ ᠰᠢᠭᠤᠷᠴᠤ ᠬᠤᠨᠤᠭᠰᠠᠨ ᠳᠠᠷᠠ ᠰᠦᠨᠢ
ᠳᠠᠷᠠᠨ ᠤ ᠵᠤᠭᠤᠭ ᠪᠣᠯᠭᠠᠭᠰᠠᠨ ᠰᠢᠯᠦᠭ᠌ ᠮᠢᠨᠢ ᠨᠠᠩ ᠭᠦᠭᠡᠷᠦᠭᠦᠢ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤ
ᠵᠤᠬᠢᠶᠠᠭᠴᠢ᠄ ᠳ᠋·ᠪᠠᠶᠠᠠᠪᠠᠳᠠᠷᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 01 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ