ᠨᠡᠪᠲᠡᠷᠡᠨ ᠤᠷᠤᠬᠤ
ᠨᠠᠷᠠᠨ ᠤ ᠳᠡᠭᠡᠷ᠎ᠡ ᠭᠠᠷᠬᠤ ᠰᠠᠨ᠁

ᠨᠠᠳᠠᠳᠤ ᠵᠢᠭᠦᠷ ᠬᠠᠢ᠌ᠷᠠᠯᠭᠠᠴᠢ

ᠨᠠᠷᠠᠨ ᠤ ᠳᠡᠭᠡᠷ᠎ᠡ ᠭᠠᠷᠬᠤ ᠵᠢᠭᠦᠷ ᠬᠠᠢ᠌ᠷᠠᠯᠭᠠᠴᠢ ︕

ᠨᠠᠷᠠᠰᠤᠨ ᠥᠩᠭᠡ ᠪᠠᠷ ᠪᠢ ᠭᠠᠩᠬᠤᠵᠤ

ᠨᠠᠮᠤᠷ ᠤᠨ ᠪᠦᠷᠦᠢ ᠶᠢ ᠦᠳᠡᠶ᠎ᠠ᠂

ᠨᠢ᠋ᠮᠠᠨ ᠵᠠᠭᠤᠨ ᠤ ᠶ‍ᠢᠷᠳᠢᠠᠴᠤ ᠳᠤ

ᠨᠠᠢ᠌ᠷᠠᠭ ᠤᠨ ᠣᠩᠭ᠋ᠤᠳ ᠬᠤᠷᠣᠢ᠌ᠯᠠᠶ᠎ᠠ ︕

ᠰᠠᠷᠠᠨ ᠤ ᠭᠡᠢ᠌ᠪᠦᠩ ᠵᠡᠭᠦᠳᠤ ᠪᠠᠷ

ᠰᠠᠠᠰᠠᠷ ᠤᠨ ᠭᠦᠷᠳᠤ ᠶᠢ ᠭᠢᠰᠭᠢᠶ᠎ᠠ

ᠰᠠᠨᠠᠭ᠎ᠠ ᠪᠣᠳᠤᠯ ᠬᠤᠶᠠᠷ ᠲᠠᠭᠠᠨ

ᠰᠠᠮᠪᠠᠢ ᠰᠦᠯᠳᠡ ᠪᠠᠷ ᠮᠤᠷᠳᠠᠶ᠎ᠠ ︕

ᠮᠤᠷᠢᠳᠠᠨ ᠭᠦᠮᠤᠨ ᠤ ᠭᠦᠰᠡᠯ ᠳᠤ

ᠮᠤᠷᠤᠢ ᠰᠠᠯᠠᠮ᠎ᠠ ᠡᠷᠳᠡᠨᠢ ᠶᠤᠮ

ᠮᠤᠩᠭ᠋ᠤᠯ ᠨᠠᠷᠠᠨ ᠤ ᠭᠠᠷ ᠲᠤ

ᠮᠤᠩᠭ᠋ᠤᠯ ᠣᠷᠤᠨ ᠤ ᠰᠢᠷᠤᠢ ᠲᠡᠶ

ᠮᠤᠩᠭ᠋ᠤᠯ ᠰᠢᠷᠤᠢ ᠶᠢᠨ ᠢᠯᠴᠢᠨ ᠳᠤ

ᠮᠤᠩᠭ᠋ᠤᠯ ᠡᠷ᠎ᠡ ᠶᠢᠨ ᠳᠠᠩᠭ᠋ᠠᠷᠢᠭ ᠲᠡᠶ᠃

ᠰᠥ᠋ ᠰᠢᠭ᠌ ᠰᠦᠯᠳᠡ ᠮᠠᠨ ᠤ ᠳᠡᠭ᠍ᠷᠢ ᠳᠤ

ᠰᠥᠷᠦᠭ᠌ ᠭᠡᠷᠢᠶ᠎ᠡ ᠳᠤ ᠪᠠᠯᠠᠯᠠᠭᠳᠠᠬᠤ ᠳᠤ

ᠰᠦᠨᠢ ᠰᠢᠭ᠌ ᠡᠳᠦᠷ ᠮᠠᠨ ᠤ ᠡᠭᠦᠳᠡᠨ ᠳᠤ

ᠰᠦᠨᠠᠰᠤ ᠰᠢᠭ᠌ ᠡᠷᠭᠢᠯᠳᠦᠨ᠎ᠡ᠃

ᠮᠠᠷᠭᠠᠰᠢ ᠶᠢᠨ ᠳᠦᠯᠦᠭᠡ

ᠮᠠᠠᠳᠤᠯ ᠤᠨ ᠳᠤᠰᠠ ᠳᠤ ᠭᠡᠷᠡᠭ᠍ᠳᠡᠢ ᠯᠠ ᠪᠣᠯ

ᠮᠠᠷᠭᠤᠰᠢ ᠦᠭᠡᠶ ᠪᠠᠳᠤᠶᠤᠰᠤ ᠪᠠᠷ

ᠮᠠᠯᠳᠠᠭᠤᠷ ᠵᠢᠳᠠᠨ ᠤ ᠥᠭᠡᠳᠡ

ᠮᠠᠨᠠᠭᠤᠯ ᠪᠣᠯᠵᠤ ᠵᠤᠭᠰᠤᠬᠤ ᠪᠢ ᠳᠤᠷᠠᠳᠠᠢ

ᠮᠠᠷᠭᠤᠰᠢ ᠦᠭᠡᠶ ᠮᠠᠷᠭᠠᠰᠢ ᠲᠡᠶ ᠪᠠᠨ

ᠮᠠᠨᠠᠷᠠᠵᠤ ᠣᠨᠠᠭᠰᠠᠨ ᠴᠤ ᠪᠢ ᠠᠵᠠᠳᠠᠢ᠃


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ

ᠵᠤᠬᠢᠶᠠᠭᠴᠢ᠄ ᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2009 ᠤᠨ ᠤ 12 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ