ᠨᠡᠪᠲᠡᠷᠡᠨ ᠤᠷᠤᠬᠤ
ᠨᠠᠮ᠎ᠠ ᠶᠢ ᠳᠤᠷᠠᠰ ᠡ

ᠬᠠᠷᠭᠢᠶᠠᠳᠤᠨ ᠳᠤᠨᠢᠶᠠᠷᠠᠭᠰᠠᠨ

ᠰᠠᠢ᠌ᠪᠣᠷ ᠤᠨ ᠣᠰᠤ ᠮᠢᠨᠢ

ᠪᠣᠯᠠᠩᠭᠢᠷ ᠦᠭᠡᠶ

ᠬᠠᠨᠢᠰᠤᠨ ᠪᠠᠶᠠᠰᠤᠭᠰᠠᠨ

ᠵᠢᠷᠦᠭᠡᠨ ᠤ ᠳᠠᠯ᠎ᠠ ᠮᠢᠨᠢ

ᠰᠡᠭᠦᠳᠡᠷ ᠦᠭᠡᠶ

ᠨᠣᠢ᠌ᠳᠠᠨ ᠣᠷᠤᠮ ᠲᠡᠶ

ᠨᠡᠭᠦᠳᠡᠯ ᠤᠨ ᠮᠦᠷ ᠮᠢᠨᠢ

ᠰᠢᠩᠭᠡᠷᠡᠭᠡ ᠦᠭᠡᠶ

ᠨᠠᠢ᠌ᠷ ᠤᠨ ᠳᠠᠭᠤᠤ ᠲᠡᠶ

ᠰᠡᠳᠭᠢᠯ ᠤᠨ ᠮᠦᠷ ᠮᠢᠨᠢ

ᠵᠠᠩᠭᠢᠷᠠᠭ᠎ᠠ ᠦᠭᠡᠶ

ᠡᠯᠢᠭᠡᠨ ᠳᠠᠯ᠎ᠠ ᠳᠠᠭᠠᠨ

ᠨᠢᠭᠤᠵᠤ ᠣᠭᠢᠯᠠᠭᠰᠠᠨ

ᠰᠡᠳᠭᠢᠯ ᠢ ᠮᠢᠨᠢ ᠪᠣᠳᠤᠪᠠᠯ

ᠡᠷᠭᠢᠵᠤ ᠪᠣᠴᠠᠬᠤ ᠦᠭᠡᠶ

ᠵᠠᠶᠠᠭᠠᠨ ᠳᠤ ᠮᠢᠨᠢ ᠣᠶᠠᠰᠤᠭᠠᠤᠨ

ᠨᠠᠮ᠎ᠠ ᠶᠢ ᠳᠤᠷᠠᠰ ᠡ ︕


ᠲ᠋ᠠᠩᠨᠠᠢ ᠳᠠᠭᠰᠢᠭᠤᠯᠤᠭᠰᠠᠨ

ᠳᠠᠯ᠎ᠠ ᠶᠢᠨ ᠴᠡᠴᠡᠭ᠌ ᠮᠢᠨᠢ

᠊ᠭ᠍‍ᠬᠢᠷ ᠦᠭᠡᠶ

ᠳᠠᠭᠠᠯᠠᠨ ᠥᠶᠡᠷᠭᠡᠭ᠍ᠰᠡᠨ

ᠳᠠᠪᠢᠯᠠᠩ ᠵᠠᠶᠠᠭ᠎ᠠ ᠮᠢᠨᠢ

ᠬᠠᠵᠠᠭᠠᠢ ᠦᠭᠡᠶ

ᠰᠠᠯᠬᠤ ᠳ᠋ᠭᠠᠨ ᠣᠩᠰᠢᠭᠰᠠᠨ

ᠰᠢᠯᠦᠭ᠌ ᠤᠨ ᠮᠦᠷ ᠮᠢᠨᠢ

ᠳᠠᠰᠤᠷᠠᠭ᠎ᠠ ᠦᠭᠡᠶ

ᠰᠠᠨᠠᠬᠤ ᠳᠠᠭᠠᠨ ᠢᠪᠢᠯᠦᠭ᠍ᠰᠡᠨ

ᠬᠠᠢ᠌ᠷ᠎ᠠ ᠶᠢᠨ ᠡᠭᠡᠰᠢᠭ᠌ ᠮᠢᠨᠢ

ᠵᠠᠪᠰᠠᠷᠯᠠᠭ᠎ᠠ ᠥᠭᠡᠢ

ᠡᠯᠢᠭᠡᠨ ᠳᠠᠯ᠎ᠠ ᠳᠠᠭᠠᠨ

ᠨᠢᠭᠤᠵᠤ ᠣᠭᠢᠯᠠᠭᠰᠠᠨ

ᠰᠡᠳᠭᠢᠯ ᠢ ᠮᠢᠨᠢ ᠪᠣᠳᠤᠪᠠᠯ

ᠡᠷᠭᠢᠵᠤ ᠪᠣᠴᠠᠬᠤ ᠦᠭᠡᠶ

ᠵᠠᠶᠠᠭᠠᠨ ᠳᠤ ᠮᠢᠨᠢ ᠣᠶᠠᠰᠤᠭᠠᠤᠨ

ᠨᠠᠮ᠎ᠠ ᠶᠢ ᠳᠤᠷᠠᠰ ᠡ ︕


ᠡᠭᠡ ᠡᠨᠡᠷᠢᠭᠦᠯᠵᠤ

ᠪᠣᠳᠤᠭᠤᠨ ᠪᠣᠢ᠌ᠯᠠᠭᠠᠨ

ᠰᠤᠨᠤᠷᠳᠤᠭᠠᠤᠨ ᠪᠠᠢ᠌ᠨ᠎ᠠ

ᠡᠯᠢᠭᠡ ᠡᠮᠳᠡᠯᠵᠤ

ᠪᠣᠳᠤᠯ ᠤᠨ ᠬᠤᠷ᠎ᠠ

ᠵᠥᠰᠡᠷᠡᠭᠡᠳ ᠪᠠᠢ᠌ᠨ᠎ᠠ

ᠭᠠᠵᠠᠷ ᠤᠨ ᠳᠠᠯᠳᠠ ᠳᠤ

ᠮᠢᠨᠤ ᠪᠠᠷ᠎ᠠ

ᠰᠢᠩᠭᠡᠷᠡᠭᠡᠳ ᠶᠠᠪᠣᠨ᠎ᠠ

ᠰᠡᠳᠭᠢᠯ ᠤᠨ ᠠᠯᠳᠠ ᠳᠤ

ᠴᠢᠨᠤᠭᠢ ᠳᠦᠷᠭᠦ

ᠳᠤᠷᠣᠢ᠌ᠭᠠᠤᠨ ᠢᠷᠠᠨ᠎ᠠ

ᠡᠯᠢᠭᠡᠨ ᠳᠠᠯ᠎ᠠ ᠳᠠᠭᠠᠨ

ᠨᠢᠭᠤᠵᠤ ᠣᠭᠢᠯᠠᠭᠰᠠᠨ

ᠰᠡᠳᠭᠢᠯ ᠢ ᠮᠢᠨᠢ ᠪᠣᠳᠤᠪᠠᠯ

ᠡᠷᠭᠢᠵᠤ ᠪᠣᠴᠠᠬᠤ ᠦᠭᠡᠶ

ᠵᠠᠶᠠᠭᠠᠨ ᠳᠤ ᠮᠢᠨᠢ ᠣᠶᠠᠰᠤᠭᠠᠤᠨ

ᠨᠠᠮ᠎ᠠ ᠶᠢ ᠳᠤᠷᠠᠰ ᠡ ᠁᠁


2010ᠣᠨ ᠤ 7ᠰᠠᠷ᠎ᠠ ᠶᠢᠨ 21


ᠵᠤᠬᠢᠶᠠᠭᠴᠢ ᠶᠢᠨ ᠬᠠᠶ‍ᠢᠭ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ

ᠵᠤᠬᠢᠶᠠᠭᠴᠢ᠄ ᠶ‍ᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2672
ᠴᠠᠭ᠄ 2010 ᠤᠨ ᠤ 07 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ