ᠨᠡᠪᠲᠡᠷᠡᠨ ᠤᠷᠤᠬᠤ
ᠯᠣᠢ᠌ᠪᠠᠷᠴᠢᠨ ᠢ ᠬᠠᠢ᠌ᠷᠠᠯᠠᠭᠰᠠᠨ ᠭᠡᠦᠭᠡᠨ

ᠭᠠᠳᠠᠨ᠎ᠠ ᠲᠦᠨᠡᠷ ᠬᠠᠷᠠᠩᠭ᠋ᠤᠢ᠂ ᠳᠡᠭ᠍ᠷᠢ ᠳᠤ ᠭᠡᠳᠦᠭᠡᠨ ᠣᠳᠤ ᠠᠨᠢᠪᠠᠯᠵᠠᠨ ᠬᠤᠳᠠ ᠡᠴᠠ ᠵᠠᠢ᠌ᠳᠠᠭᠤᠬᠠᠨ ᠪᠠᠢ᠌ᠷᠢᠯᠠᠭᠰᠠᠨ ᠡᠨᠡᠭᠦ ᠰᠤᠷᠭᠠᠭᠤᠯᠢ ᠶᠢᠨ ᠭᠦᠷᠢᠶ᠎ᠡ ᠶᠢ ᠣᠯᠠᠮ ᠴᠤ ᠵᠡᠯᠢᠭᠦᠤᠨ ᠣᠢ᠌ᠤᠠᠬᠠᠷᠳᠠᠢ ᠪᠣᠯᠭᠠᠵᠠᠢ᠃ ᠰᠠᠶ‍ᠢᠬᠠᠨ ᠪᠠᠰᠠ ᠡᠨᠡᠭᠦᠷ ᠳᠡᠨᠡᠭᠦᠷ ᠭᠠᠷ ᠳ᠋ᠸᠩ ᠪᠠᠷᠢᠯᠴᠠᠨ ᠭᠦᠶ‍ᠦᠯᠳᠦᠵᠤ ᠪᠠᠢ᠌ᠭᠰᠠᠨ ᠰᠤᠷᠤᠭᠴᠢᠳ ᠴᠤ ᠨᠣᠢ᠌ᠷ ᠲᠤ ᠪᠠᠨ ᠴᠤᠭᠢᠭᠤᠯᠤᠭᠠᠤᠨ ᠨᠠᠮ ᠵᠢᠮᠭᠡᠨ᠃

ᠣᠰᠬᠠᠯ ᠭᠡᠦᠭᠡᠨ ᠭᠠᠷᠢᠭ ᠪᠦᠷᠢ ᠨᠢᠭᠡ ᠲᠤᠬᠢᠶᠠᠯᠳᠤᠳᠠᠭ ᠰᠦᠨᠢ ᠶᠢᠨ ᠳᠠᠪᠳᠠᠯᠭ᠎ᠠ ᠶᠢᠨ ᠡᠭᠡᠯᠵᠢᠨ ᠡᠴᠠ ᠪᠠᠨ ᠪᠠᠭᠤᠵᠤ ᠵᠡᠭᠡᠯᠢ ᠶᠢᠨ ᠳ᠋ᠸᠩ ᠡᠴᠠ ᠵᠠᠢ᠌ᠳᠠᠨ ᠪᠦᠳᠡᠭᠢ ᠭᠡᠷᠡᠯ ᠲᠡᠶ ᠨᠠᠷᠢᠨ ᠭᠤᠳᠤᠮᠵᠢ ᠪᠠᠷ ᠣᠷᠢᠶᠠᠵᠤ ᠣᠷᠤᠬᠤ ᠳᠤ ᠪᠠᠨ ᠪᠠᠬᠠᠨ ᠠᠶᠤᠳᠠᠰ ᠭᠦᠷᠴᠤ ᠵᠢᠷᠦᠭᠡ ᠨᠢ ᠭᠦᠴᠦᠳᠡᠢ ᠳᠦᠭ᠍ᠰᠢᠵᠤ ᠠᠯᠬᠤᠮ ᠶᠢᠡᠨ ᠳᠦᠷᠭᠡᠳᠭᠡᠪᠡ᠃

ᠡᠮᠤᠨ᠎ᠡ ᠡᠴᠠ ᠨᠢ ᠭᠡᠳᠤᠨ ᠡᠷᠡᠭ᠍ᠳᠡᠢ ᠭᠦᠮᠤᠨ ᠤ ᠬᠠᠷᠢᠶᠠᠯᠴᠠᠬᠤ ᠳᠠᠭᠤ ᠣᠯᠠᠮ ᠣᠯᠠᠮ ᠤᠢ᠌ᠷᠠᠳᠴᠤ ᠠᠷᠢᠭᠢᠨ ᠤ ᠦᠨᠦᠷ ᠬᠠᠮᠠᠷ ᠭᠠᠳᠠᠬᠤ ᠳᠤ ᠶᠠᠮᠠᠷ ᠨᠢᠭᠡᠨ ᠮᠠᠭᠤ ᠰᠤᠪᠢᠩ ᠳᠠᠳᠠᠬᠤ ᠰᠢᠭ ᠪᠣᠯᠵᠤ ᠠᠯᠬᠤᠮ ᠨᠢ ᠡᠷᠭᠡ ᠦᠭᠡᠶ ᠣᠳᠠᠭᠠᠰᠢᠷᠠᠯ᠎ᠠ᠃ ᠭᠡᠳᠤᠨ ᠵᠠᠯᠠᠭᠤ ᠭᠢᠳᠠᠤᠨ ᠶᠢᠡᠷ ᠬᠠᠷᠢᠶᠠᠯ ᠳᠠᠯᠪᠢᠵᠤ ᠵᠦᠷᠢᠵᠤ ᠭᠠᠷᠬᠤ ᠳᠤ ᠪᠠᠨ ᠳᠡᠭᠦᠨ ᠢ ᠴᠤᠭᠤᠯᠴᠢᠬᠠᠮᠠᠷ ᠰᠢᠷᠳᠡᠭᠦ ᠰᠢᠭ᠌ ᠰᠠᠨᠠᠭᠳᠠᠬᠤ ᠳᠤ ᠳᠤᠷᠤᠭᠰᠢ ᠬᠠᠷᠠᠭᠰᠠᠨ ᠭᠡᠪ ᠶᠢᠡᠷ ᠶᠢᠡᠨ ᠵᠦᠷᠢᠵᠤ ᠭᠠᠷᠬᠤ ᠶᠢ ᠵᠠᠪᠳᠤᠪᠠ᠃ ᠳᠡᠭᠡᠳᠡᠯ᠎ᠡ ᠨᠢᠭᠡ ᠨᠢ ᠬᠠᠰᠢᠵᠤ ᠵᠤᠭᠰᠤᠭᠠᠤᠨ ᠨᠥᠭᠦᠭᠡ ᠨᠢ ᠭᠠᠷ ᠪᠣᠭᠴᠤ ᠶᠢ ᠨᠢ ᠪᠣᠯᠢᠶᠠᠪᠠ᠃ ᠺᠢᠨᠤ᠋ ᠳᠸᠯᠸᠢᠰ ᠳᠡᠭᠡᠷ᠎ᠡ ᠭᠠᠷᠳᠠᠭ ᠵᠣᠢ᠌ᠯ ᠤᠨ ᠳᠦᠭ᠍ᠰᠢᠭᠦᠷᠢᠳᠤ ᠥᠵᠡᠭ᠍ᠳᠡᠯ ᠤᠳ ᠳᠠᠷᠢᠭᠢᠨ ᠳᠤ ᠨᠢ ᠨᠦᠷᠢᠨ ᠢᠷᠡᠭᠦ ᠳᠤ ᠳᠠᠷᠠ ᠶᠠᠭᠠᠭᠢᠬᠤ ᠪᠠᠨ ᠴᠤ ᠮᠠᠳᠠᠯ ᠦᠭᠡᠶ ᠳᠤᠯᠤᠭᠠᠢ ᠨᠢ ᠨᠢᠭᠡᠯᠡ ᠥᠩᠭᠢᠨᠡᠭᠡᠳ ᠶᠠᠪᠣᠴᠢᠬᠠᠪᠠ᠃ ᠣᠷᠳᠤ ᠦᠰᠦᠳᠠᠢ ᠨᠢᠭᠡ ᠨᠢ ᠳᠠᠮᠠᠭᠢ ᠪᠠᠨ ᠳᠡᠭᠡᠭ᠍ᠰᠢ ᠰᠢᠳᠡᠭᠡᠳ ᠤᠢ᠌ᠷᠠᠳᠬᠤ ᠳᠤ ᠠᠮᠠᠨ ᠡᠴᠠ ᠨᠢ ᠵᠤᠷᠯᠤᠩ ᠤᠨ ᠠᠷᠤ ᠡᠴᠠ ᠪᠣᠷᠭᠢᠳᠠᠭ ᠳᠤᠭᠤᠰᠤ ᠰᠢᠭ ᠥᠮᠡᠭᠡᠢ ᠦᠨᠦᠷ ᠰᠡᠩᠭᠢᠨᠡᠭᠦ ᠳᠤ ᠳᠤᠷ᠎ᠠ ᠪᠣᠯᠭᠢᠵᠤ ᠡᠷᠡᠤ ᠶᠢ ᠨᠢ ᠳᠡᠭᠡᠭ᠍ᠰᠢ ᠡᠷᠭᠦᠭ᠍ᠰᠡᠨ ᠭᠠᠷ ᠢ ᠨᠢ ᠭᠦᠴᠦᠯᠡᠨ ᠰᠠᠵᠢᠵᠤ ᠶᠠᠪᠣᠭᠤᠯᠤᠯ᠎ᠠ᠃ 《ᠶᠠᠮᠠᠷ ᠨᠠᠷ᠎ᠠ ᠲᠡᠶ ᠪᠣᠢ︖ ᠠᠪᠠᠬᠠᠢ ᠡ︖ ᠁》᠂ 《ᠮᠠᠨ ᠢ ᠳᠠᠭᠠᠭᠠᠤᠨ ᠶᠠᠪᠣᠬᠤ ᠦᠭᠡᠶ ᠦᠦ︖》᠂ 《ᠰᠠᠢ᠌ᠬᠠᠨ ᠠᠮᠢᠳᠠᠨ ᠪᠠᠢ᠌ᠨ᠎ᠠ》 ᠁ ᠭᠡᠵᠤ ᠪᠣᠰᠤᠳ ᠨᠢ ᠴᠤ ᠭᠠᠷ ᠡᠴᠠ ᠨᠢ ᠳᠠᠳᠠᠳᠠᠯ᠎ᠠ ᠭᠡᠵᠢᠭᠡ ᠪᠠᠷ ᠨᠢ ᠣᠷᠤᠯᠳᠤᠭᠠᠤᠨ ᠨᠤᠤᠷᠠᠯᠳᠤᠬᠤ ᠳᠤ ᠪᠠᠷᠭᠢᠷᠠᠬᠤ ᠭᠡᠳ ᠪᠠᠷᠭᠢᠷᠠᠵᠤ ᠴᠢᠳᠠᠯ ᠦᠭᠡᠶ ᠭᠦᠮᠦᠭᠡᠢ ᠪᠠᠨ ᠭᠦᠴᠦᠳᠡᠢ ᠵᠠᠭᠤᠵᠤ ᠵᠤᠭᠰᠤᠨ᠎ᠠ᠃ ᠣᠭᠢᠯᠠᠵᠤ ᠴᠤ ᠴᠢᠳᠠᠭᠰᠠᠨ ᠦᠭᠡᠶ᠂ ᠪᠦᠭᠦ ᠪᠠᠶ᠎ᠠ ᠨᠢ ᠮᠢᠡᠴᠦᠭᠦᠷᠡᠵᠤ ᠣᠶᠠᠭᠳᠠᠭᠰᠠᠨ ᠮᠠᠳᠤ ᠪᠣᠯᠴᠢᠬᠠᠭᠰᠠᠨ ᠪᠠᠢ᠌ᠯ᠎ᠠ᠃ ᠣᠰᠬᠠᠯ ᠳᠤ ᠠᠯᠢᠪᠠ ᠪᠦᠭᠦᠨ ᠨᠢ ᠰᠣᠢ᠌ᠤᠠᠴᠤ ᠰᠥᠢᠷᠡᠭᠦ ᠮᠠᠳᠤ ᠠᠶᠤᠮᠰᠢᠭᠳᠠᠢ ᠪᠣᠳᠤᠭᠳᠠᠵᠤ ᠦᠪᠡᠷ ᠤᠨ ᠪᠠᠶ᠎ᠠ ᠨᠢ ᠶᠠᠭᠠᠭᠢᠬᠤ ᠶᠢᠨ ᠠᠷᠭ᠎ᠠ ᠦᠭᠡᠶ ᠣᠯᠵᠠᠯᠠᠭᠳᠠᠭᠴᠢ ᠪᠣᠯᠤᠭᠰᠠᠨ ᠶᠢᠡᠨ ᠣᠬᠠᠭᠠᠷᠠᠨ 《ᠪᠣᠷᠬᠠᠨ ᠮᠢᠨᠢ᠂ ︕ ᠡᠳᠡᠭᠡᠷ ᠵᠢᠭ᠍ᠰᠢᠭᠦᠷᠢᠳᠤ ᠶᠠᠭᠤᠮᠠᠰ ᠢ ᠨᠠᠳᠠ ᠡᠴᠠ ᠬᠤᠷᠳᠤᠬᠠᠨ ᠵᠠᠢ᠌ᠯᠠᠭᠤᠯᠤᠭᠠᠴᠢ︕》 ᠭᠡᠵᠤ ᠯᠠ ᠳᠤᠳᠤᠷ᠎ᠠ ᠪᠠᠨ ᠵᠠᠯᠪᠠᠷᠢᠨ᠎ᠠ᠃

《ᠳᠠᠯᠪᠢ︕》 ᠭᠡᠵᠤ ᠣᠭᠵᠤᠮ ᠭᠦᠴᠦᠳᠡᠢ ᠳᠠᠭᠤ ᠬᠤᠯᠠ ᠪᠢᠰᠢ ᠣᠢ᠌ᠪ ᠤᠢ᠌ᠷ᠎ᠡ ᠳᠤᠤᠭᠠᠷᠬᠤ ᠳᠤ ᠳᠠᠪ ᠭᠢᠨ ᠬᠠᠷᠠᠵᠤ ᠥᠵᠡᠭ᠍ᠰᠡᠨ ᠨᠢ ᠭᠠᠭᠴᠠ ᠣᠰᠬᠠᠯ ᠪᠢᠰᠢ ᠪᠠᠢ᠌ᠯ᠎ᠠ᠃ ᠣᠷᠳᠤ ᠦᠰᠦᠳᠤ ᠶᠢᠨ ᠠᠷᠤ ᠳᠤ ᠨᠢ ᠵᠤᠭᠰᠤᠵᠤ ᠪᠠᠢ᠌ᠭᠰᠠᠨ ᠳᠠᠷᠠ ᠵᠠᠯᠠᠭᠤ ᠴᠠᠭᠠᠳᠤᠭᠢ ᠡᠴᠠ ᠪᠠᠨ ᠭᠠᠷ ᠪᠣᠭᠴᠤ ᠶᠢ ᠠᠪᠴᠤ ᠣᠰᠬᠠᠯ ᠳᠤ ᠭᠠᠷᠳᠠᠭᠤᠯᠬᠤ ᠶᠢᠨ ᠳᠠᠭᠠᠤ ᠪᠣᠰᠤᠳ ᠶᠢᠡᠨ ᠴᠢᠷᠠᠢ᠌ᠳᠠᠪᠠ᠃ ᠡᠨᠡᠭᠦ ᠰᠠᠨᠠᠭᠠᠨ ᠳᠤ ᠣᠷᠤᠮᠠᠷ ᠦᠭᠡᠶ ᠬᠤᠪᠢᠷᠠᠯᠳᠠ ᠳᠤ ᠪᠣᠰᠤᠳ ᠨᠢ ᠬᠠᠷᠢᠶᠠᠯ ᠵᠥᠭᠡᠯ ᠳᠠᠯᠪᠢᠵᠤ ᠶᠠᠪᠣᠵᠤ ᠣᠤᠠᠪᠠ᠃ 《ᠳᠠᠯᠠᠷᠬᠠᠯ᠎ᠠ︕》 ᠣᠰᠬᠠᠯ ᠤᠨ ᠵᠢᠷᠦᠭᠡ ᠭᠦᠴᠦᠳᠡᠢ ᠳᠤᠯᠭᠢᠰᠬᠤ ᠨᠢ ᠨᠠᠮᠳᠠᠭ᠎ᠠ ᠦᠭᠡᠶ ᠳᠦᠩᠭᠡᠵᠢ ᠰᠤᠨᠤᠰᠳᠠᠬᠤ ᠨᠠᠮ ᠳᠠᠭᠤ ᠪᠠᠷ ᠭᠡᠯᠡᠭᠡᠳ ᠳᠠᠷᠠ ᠵᠠᠯᠠᠭᠤ ᠶᠢ ᠳᠠᠭᠠᠵᠤ ᠠᠯᠬᠤᠭᠰᠠᠨ ᠨᠢ ᠶᠠᠭ ᠰᠠᠶ‍ᠢᠬᠠᠨ ᠭᠡᠷ ᠲᠤ ᠪᠠᠨ ᠬᠠᠷᠢᠬᠤ ᠵᠠᠮ ᠨᠢ ᠪᠠᠢ᠌ᠯ᠎ᠠ᠃ ᠶᠠᠭᠤ ᠨᠢᠭᠡ ᠶᠢ ᠶᠠᠷᠢᠵᠤ᠂ ᠳᠠᠯᠠᠷᠬᠠᠮᠠᠷ ᠰᠠᠨᠠᠭᠳᠠᠭᠰᠠᠨ ᠴᠤ ᠣᠰᠬᠠᠯ ᠳᠤ ᠳᠤᠭᠢᠳᠠᠢ ᠥᠭᠡ ᠣᠯᠳᠠᠭᠰᠠᠨ ᠦᠭᠡᠶ᠃ 《ᠡᠢ᠌ᠮᠤ ᠣᠷᠤᠢ ᠶᠠᠭᠤᠨ ᠳᠤ ᠭᠠᠭᠴᠠᠭᠠᠷ ᠶᠢᠡᠨ ᠶᠠᠪᠣᠳᠠᠭ ᠪᠣᠢ ︖》 ᠭᠡᠵᠤ ᠡᠨᠡ ᠳᠠᠷᠠ ᠶᠢ ᠠᠰᠠᠭᠤᠨ ᠵᠤᠭᠤᠭ ᠰᠡᠳᠦᠭᠦ ᠪᠣᠯᠪᠠ ᠦᠦ ᠭᠡᠵᠤ ᠪᠣᠳᠤᠭᠰᠠᠨ ᠨᠢ ᠪᠣᠷᠤᠭᠤᠳᠠᠵᠤ ᠳᠠᠭᠤ ᠦᠭᠡᠶ ᠲᠦᠩᠰᠣᠢ᠌ᠨ ᠠᠯᠬᠤᠬᠤ ᠨᠢ ᠶᠡᠭᠡᠯᠡ ᠬᠠᠴᠢᠷᠬᠠᠯᠳᠠᠢ ᠰᠠᠨᠠᠭᠳᠠᠪᠠ᠃ ᠭᠡᠶ᠎ᠡ ᠬᠠᠨᠢᠳᠠᠤᠨ ᠡᠴᠠ ᠪᠠᠨ ᠳᠠᠷᠰᠯᠠᠵᠤ ᠳᠡᠭᠦᠨ ᠢ ᠥᠮᠦᠭᠯᠡᠵᠤ ᠠᠪᠣᠭᠰᠠᠨ ᠡᠨᠡ ᠭᠦᠮᠤᠨ ᠦᠪᠡᠷ ᠲᠤ ᠨᠢ ᠶᠠᠭᠠᠭᠢᠬᠤ ᠠᠷᠭ᠎ᠠ ᠦᠭᠡᠶ ᠳᠤᠳᠤᠨᠤᠰᠤᠭ ᠪᠣᠳᠤᠭᠳᠠᠵᠤ ᠣᠯᠠᠮ ᠨᠢᠭᠡ ᠠᠯᠬᠤᠮ ᠣᠢ᠌ᠯᠠᠭᠠᠵᠤ ᠤᠢ᠌ᠷᠠᠳᠤᠯᠴᠠᠬᠤ ᠭᠦᠰᠡᠯ ᠣᠷᠭᠤᠨ ᠠᠰᠠᠷ ᠤᠨ ᠶᠢᠡᠨ ᠳᠤᠤᠷ᠎ᠠ ᠢᠷᠡᠭᠡᠳ ᠭᠠᠷ ᠰᠤᠩᠭ᠋ᠠᠨ᠄ 《ᠳᠠᠨ ᠳᠤ ᠳᠠᠯᠠᠷᠬᠠᠵᠤ ᠪᠠᠢ᠌ᠨ᠎ᠠ︕ ᠪᠢ ᠣᠰᠬᠠᠯ ᠭᠡᠳᠡᠭ᠌》 ᠭᠡᠪᠡ᠃ 《ᠪᠠᠶᠠᠷᠳᠠᠢ︕》 ᠳᠠᠷᠠ ᠬᠠᠷᠢᠨ ᠣᠰᠬᠠᠯ ᠢ ᠡᠭ᠍ᠴᠡᠯᠡᠨ ᠰᠢᠷᠳᠡᠭ᠍ᠰᠡᠭᠡᠷ ᠬᠠᠷᠮᠠᠨ ᠳᠤ ᠪᠠᠨ ᠭᠠᠷ ᠶᠢᠡᠨ ᠴᠢᠭᠢᠭᠦ ᠳᠤ᠂ ᠴᠤᠩᠬᠤ ᠪᠠᠷ ᠳᠤᠯᠠᠢ᠌ᠬᠤ ᠳ᠋ᠸᠩ ᠤᠨ ᠭᠡᠷᠡᠯ ᠳᠤ ᠳᠡᠭᠦᠨ ᠤ ᠪᠣᠷᠤᠪᠳᠤᠷ ᠴᠢᠷᠠᠢ᠂ ᠭᠦᠩᠭᠦᠢᠭ᠍ᠰᠡᠨ ᠬᠠᠷ᠎ᠠ ᠨᠢᠳᠤ᠂ ᠪᠣᠰᠤᠭ᠎ᠠ ᠬᠠᠮᠠᠷ᠂ ᠮᠠᠩᠨᠠᠢ ᠳᠡᠭᠡᠷᠡᠭᠢ ᠳᠤᠪᠴᠢᠨ ᠭᠢᠷᠢᠳᠠᠢ ᠰᠤᠷᠪᠢ ᠨᠢ ᠬᠠᠷᠠᠭᠳᠠᠵᠤ᠂ ᠡᠨᠡ ᠰᠤᠷᠪᠢ ᠡᠴᠢᠨ᠎ᠡ ᠳᠠᠯᠳᠠ ᠶᠢᠨ ᠨᠢᠭᠤᠴᠠᠭᠠᠢ ᠵᠣᠢ᠌ᠯ ᠢ ᠠᠬᠤᠭᠤᠯᠤᠭᠰᠠᠨ ᠮᠠᠳᠤ ᠣᠢ᠌ᠯᠠᠭᠠᠭᠳᠠᠰᠢ ᠦᠭᠡᠶ ᠰᠠᠨᠠᠭᠳᠠᠵᠠᠢ ᠁

ᠰᠦᠨᠢ ᠨᠢ ᠣᠰᠬᠠᠯ ᠨᠣᠢ᠌ᠷ ᠬᠤᠯᠵᠢᠯ᠎ᠠ᠃ 《ᠶᠠᠭᠠᠭᠢᠬᠤ ᠳᠤ ᠪᠠᠨ ᠳᠠᠢ᠌ᠮᠤ ᠭᠦᠵᠢᠭᠦᠤᠨ ᠶᠤᠮ ᠪᠣᠢ ︖ ᠭᠦᠮᠤᠨ ᠭᠠᠷ ᠠᠳᠬᠤᠬᠤ ᠭᠡᠵᠤ ᠪᠠᠢ᠌ᠬᠤ ᠳᠤ ᠣᠢ᠌ᠰᠢᠶᠠᠬᠤ ᠴᠤ ᠦᠭᠡᠶ᠂ ᠭᠦᠮᠤᠨ ᠢ ᠠᠪᠣᠷᠠᠴᠢᠬᠠᠭᠠᠤᠨ ᠪᠠᠰᠠ ᠳᠠᠢ᠌ᠮᠤ ᠭᠦᠢᠳᠡᠮᠰᠦᠭ᠌ ᠭᠡᠳᠡᠭ᠌ ᠨᠢ᠂ ᠶᠠᠭᠤ ᠭᠢᠳᠡᠭ᠌ ᠭᠦᠮᠤᠨ ᠪᠣᠢ︖ ᠶᠠᠭᠠᠭᠢᠭᠠᠤᠨ ᠳᠡᠢ᠌ᠮᠦᠷᠭᠦ ᠯᠣᠢ᠌ᠪᠠᠷᠴᠢᠳ ᠲᠡᠶ ᠬᠠᠮᠳᠤ ᠶᠠᠪᠣᠳᠠᠭ ᠪᠣᠢ︖ ᠳᠠᠷᠠ ᠰᠤᠷᠪᠢ ᠁》᠃ ᠣᠷᠪᠠᠨ ᠭᠦᠷᠪᠠᠨ ᠣᠯᠠᠨ ᠢ ᠪᠣᠳᠤᠬᠤ ᠳᠤᠳᠤᠮ ᠳᠡᠭᠦᠨ ᠲᠡᠶ ᠳᠠᠨᠢᠯᠴᠠᠬᠤ᠂ ᠣᠢ᠌ᠯᠠᠭᠠᠯᠴᠠᠬᠤ ᠭᠦᠰᠡᠯ ᠣᠷᠭᠢᠯᠵᠤ ᠦᠯᠤ ᠮᠡᠳᠡᠭ᠍ᠳᠡᠭᠦ ᠨᠢᠭᠡ ᠵᠣᠢ᠌ᠯ ᠤᠨ ᠰᠡᠳᠬᠢᠯᠭᠡ ᠰᠠᠨᠠᠭ᠎ᠠ ᠪᠣᠳᠤᠯ ᠢ ᠨᠢ ᠡᠵᠡᠯᠡᠨ᠎ᠡ᠃

ᠬᠤᠶᠠᠷ ᠭᠠᠷᠠᠭ ᠥᠩᠭᠡᠷᠡᠴᠢᠭᠡᠯ᠎ᠡ᠃ ᠭᠠᠷᠠᠭ ᠤᠨ ᠡᠳᠦᠷ᠂ ᠣᠰᠬᠠᠯ ᠭᠠᠭᠴᠠᠭᠠᠷ ᠵᠡᠭᠡᠯᠢ ᠳᠤᠭᠤᠷᠢᠵᠤ ᠶᠠᠪᠣᠭᠰᠠᠭᠠᠷ ᠺᠢᠨᠤ᠋ ᠣᠷᠳᠤᠨ ᠤ ᠡᠭᠦᠳᠡ ᠪᠠᠷ ᠥᠩᠭᠡᠷᠡᠭᠦ ᠳᠤ ᠣᠯᠠᠨ ᠭᠦᠮᠤᠨ ᠪᠦᠭᠡᠮᠨᠡᠷᠡᠯᠳᠦᠵᠤ ᠣᠢ᠌ᠮᠠᠯᠳᠤᠨ᠎ᠡ᠃ ᠣᠤᠯ ᠨᠢ ᠬᠤᠶᠠᠷ ᠬᠤᠳᠠᠯᠳᠤᠭᠠᠴᠢᠨ ᠨᠠᠷᠠᠨ ᠬᠤᠸᠠᠷ ᠬᠤᠳᠠᠯᠳᠤᠬᠤ᠂ ᠠᠯᠢᠮ᠎ᠠ ᠬᠤᠳᠠᠯᠳᠤᠬᠤ ᠭᠠᠵᠠᠷ ᠶᠢᠡᠨ ᠪᠣᠯᠢᠶᠠᠯᠳᠤᠵᠤ ᠪᠠᠷᠭᠢᠷᠠᠯᠳᠤᠨ᠎ᠠ᠃ ᠳᠠᠷᠠ ᠢᠨᠢᠶᠠᠳᠤ ᠭᠦᠷᠴᠤ ᠣᠬᠤᠰᠭᠢᠨ ᠡᠷᠭᠢᠳᠡᠯ᠎ᠡ ᠨᠢᠭᠡ ᠭᠦᠮᠤᠨ ᠲᠡᠶ ᠬᠠᠯᠵᠠ ᠮᠦᠷᠭᠦᠪᠡ᠃ 《ᠥ᠂ ᠴᠢ ᠶᠤᠮ ᠦᠦ︖ ᠠᠮᠢ ᠠᠪᠣᠷᠠᠭᠰᠠᠨ ᠠᠴᠢᠳᠠᠨ ᠪᠠᠢ᠌ᠨ᠎ᠠ ᠰᠢᠳᠠ︕》 ᠭᠡᠵᠤ ᠪᠠᠶᠠᠷᠳᠠᠢ ᠨᠢ ᠠᠷᠭ᠎ᠠ ᠦᠭᠡᠶ ᠢᠨᠢᠶᠡᠭᠡᠳ ᠭᠡᠮ ᠶᠢᠡᠨ ᠠᠯᠳᠠᠨ ᠳᠦᠭ᠍ᠰᠢᠵᠤ ᠡᠭᠢᠯᠡᠭ᠍ᠰᠡᠨ ᠵᠢᠷᠦᠭᠡ ᠶᠢ ᠨᠢ ᠣᠯᠵᠤ ᠥᠵᠡᠭᠦ ᠡᠴᠠ ᠠᠶᠤᠭᠰᠠᠨ ᠰᠢᠭ ᠬᠤᠷᠤᠭᠤ ᠪᠠᠨ ᠣᠷᠤᠯᠳᠤᠪᠠ᠃ ᠵᠠᠯᠠᠭᠤ ᠴᠤ ᠦᠯᠤ ᠮᠡᠳᠡᠭ᠌ ᠢᠨᠢᠶᠠᠰᠭᠢᠨ᠄ 《ᠪᠠᠰᠠᠯᠠ ᠭᠠᠭᠴᠠᠭᠠᠷ ᠶᠢᠡᠨ ᠶᠠᠪᠣᠵᠤ ᠪᠠᠢ᠌ᠬᠤ ᠶᠤᠮ ᠦᠦ︖》 ᠭᠡᠵᠤ ᠳᠡᠭᠦᠨ ᠢ ᠳᠡᠭᠡᠷ᠎ᠡ ᠡᠴᠠ ᠳᠤᠷᠤᠭᠰᠢ ᠠᠵᠢᠭᠯᠠᠵᠤ ᠠᠪᠣᠯ᠎ᠠ᠃ 《ᠡᠳᠦᠷ ᠶᠢᠡᠷ ᠦᠦ︖》 ᠣᠰᠬᠠᠯ ᠭᠡᠳᠡᠷᠭᠦ ᠠᠰᠠᠭᠤᠭᠠᠤᠨ ᠳᠠᠰᠭᠢᠯ ᠦᠭᠡᠶ ᠢᠨᠢᠶᠡᠭᠦ ᠳᠤ ᠳᠠᠷᠠ ᠴᠤ ᠳᠡᠭ᠍ᠰᠢ ᠴᠠᠭᠠᠨ ᠰᠢᠳᠤ ᠭᠠᠷᠭᠠᠨ ᠢᠷᠠᠯᠵᠠᠳᠠᠯ᠎ᠠ ᠰᠠᠢ᠌ᠬᠠᠨ ᠢᠨᠢᠶᠡᠴᠢᠭᠡᠪᠡ᠃ 《ᠣᠤᠯ ᠨᠢ ᠡᠨᠡ ᠴᠢᠨᠢ ᠪᠠᠰᠠ ᠢᠨᠢᠶᠠᠵᠤ ᠴᠢᠳᠠᠬᠤ ᠭᠦᠮᠤᠨ ᠰᠢᠳᠠ》 ᠭᠡᠵᠤ ᠪᠣᠳᠤᠭᠰᠠᠨ ᠣᠰᠬᠠᠯ ᠠᠯᠢᠶ᠎ᠠ ᠨᠢ ᠭᠦᠳᠡᠯᠵᠤ᠄ 《ᠪᠢ ᠴᠢᠮ᠎ᠠ ᠶᠢ ᠶᠠᠭᠤ ᠭᠡᠵᠤ ᠳᠠᠭᠤᠳᠠᠳᠠᠭ ᠪᠢᠯᠠ︖》 ᠭᠡᠵᠤ ᠨᠢᠳᠤ ᠶᠢ ᠨᠢ ᠡᠭ᠍ᠴᠡᠯᠡᠨ ᠰᠢᠷᠳᠡᠭᠦ ᠳᠤ ᠣᠢ᠌ᠯᠠᠭᠠᠭᠳᠠᠮ᠎ᠠ ᠦᠭᠡᠶ ᠰᠤᠨᠢᠬᠠᠨ ᠭᠡᠷᠡᠯ ᠭᠢᠯᠠᠰ ᠭᠡᠵᠤ ᠬᠠᠷᠪᠣᠭᠰᠠᠨ ᠶᠢᠡᠨ᠄ 《ᠰᠦᠮᠠᠨ︕》 ᠭᠡᠵᠤ ᠣᠭᠵᠤᠮ ᠦᠴᠢᠪᠠ᠃ ᠣᠰᠬᠠᠯ ᠳᠡᠷᠡᠭᠦ ᠬᠤᠷᠴᠠ ᠭᠡᠷᠡᠯᠳᠡᠢ ᠨᠢᠳᠤᠨ ᠬᠠᠷᠠᠴᠠᠨ ᠡᠴᠠ ᠦᠪᠡᠷ ᠤᠨ ᠡᠷᠭᠡ ᠦᠭᠡᠶ ᠳᠠᠯᠳᠠᠷᠢᠨ᠄ 《ᠪᠢ ᠴᠢᠮ᠎ᠠ ᠶᠢ ᠺᠤᠹᠧ ᠪᠠᠷ ᠳᠠᠢ᠌ᠯᠠᠶ᠎ᠠ︕》 ᠭᠡᠪᠡ᠃ 《ᠪᠣᠯᠬᠤ ᠦᠭᠡᠶ︕ ᠪᠢ ᠳᠠᠢ᠌ᠯᠠᠪᠠᠯ ᠪᠣᠯᠤᠨ᠎ᠠ》᠃ ᠣᠰᠬᠠᠯ ᠠᠷᠭ᠎ᠠ ᠪᠣᠰᠤ ᠵᠦᠪᠰᠢᠶᠠᠷᠠᠪᠠ᠃ ᠳᠠᠳᠠ ᠬᠤᠶᠠᠭᠤᠯᠠ ᠣᠳᠠᠳᠠᠯ᠎ᠠ ᠵᠤᠭᠤᠭᠳᠠᠵᠤ ᠰᠠᠭᠤᠬᠤ ᠳᠤ ᠪᠠᠨ ᠰᠦᠮᠠᠨ ᠤ ᠣᠴᠠᠷᠠᠯ ᠲᠤᠬᠢᠶᠠᠯᠳᠤᠯ ᠨᠢ ᠲᠤᠢ᠌ᠯ ᠤᠨ ᠵᠥᠴᠦᠭᠡᠯᠢᠭ᠌ ᠪᠠᠢ᠌ᠭ᠎ᠠ ᠳᠤ ᠣᠰᠬᠠᠯ ᠡᠷᠭᠡ ᠦᠭᠡᠶ ᠰᠤᠨᠢᠷᠬᠠᠯ ᠳᠦᠷᠤᠨ᠎ᠡ᠂ ᠳᠡᠭᠦᠨ ᠤ ᠨᠠᠢ᠌ᠵᠠ ᠶᠢᠨ ᠮᠠᠭᠤ ᠪᠠᠷ ᠨᠥᠭᠡᠨ ᠳᠤ ᠣᠨᠠᠵᠤ ᠳᠠᠮᠵᠢᠨ ᠪᠣᠷᠤᠯᠠᠭᠤᠯᠬᠤ ᠠᠵᠢᠯ ᠭᠢᠵᠤ ᠮᠡᠭᠡᠯᠡᠭ᠍ᠳᠡᠵᠤ ᠶᠠᠪᠣᠭᠰᠠᠨ᠂ ᠮᠡᠭᠡᠯᠡᠵᠤ ᠢᠷᠡᠭ᠍ᠰᠡᠨ ᠳᠡᠦᠭᠡ᠂ ᠨᠠᠢ᠌ᠵᠠ ᠶᠢᠨ ᠶᠢᠡᠨ ᠲᠦᠯᠦᠭᠡ ᠶᠠᠭᠤ ᠭᠢᠭᠦ ᠡᠴᠠ ᠴᠤ ᠪᠣᠴᠠᠬᠤ ᠦᠭᠡᠶ ᠶᠠᠪᠣᠳᠠᠯ ᠪᠦᠭᠦᠨ ᠨᠢ ᠭᠢᠵᠠᠭᠠᠷᠯᠠᠰᠢ ᠦᠭᠡᠶ ᠳᠠᠳᠠᠬᠤ ᠭᠦᠴᠤᠨ ᠲᠡᠶ ᠪᠠᠢ᠌ᠵᠤ ᠡᠴᠦᠰ ᠲᠤ ᠨᠢ ᠰᠦᠮᠠᠨ ᠤ ᠬᠤᠪᠢ ᠪᠠᠶ᠎ᠠ ᠨᠢ ᠴᠤ ᠶᠠᠮᠠᠷ ᠨᠢᠭᠡᠨ ᠳᠠᠯᠳᠠ ᠶᠢᠨ ᠳᠠᠳᠠᠬᠤ ᠭᠦᠴᠤᠨ ᠲᠡᠶ ᠶᠤᠮ ᠰᠢᠭ᠌ ᠰᠠᠨᠠᠭᠳᠠᠨ ᠦᠪᠡᠷ ᠶᠢᠡᠨ ᠴᠤ ᠳᠠᠷᠠ ᠵᠥᠴᠦᠭᠡ ᠳᠤᠳᠤᠷ᠎ᠠ ᠨᠢ ᠣᠷᠤᠭᠠᠤᠨ ᠳᠤᠭᠯᠠᠵᠤ ᠪᠠᠢ᠌ᠬᠤ ᠮᠠᠳᠤ ᠰᠠᠨᠠᠭᠳᠠᠵᠠᠢ᠃ 《ᠴᠢᠨᠤ ᠮᠠᠩᠨᠠᠢ ᠳᠡᠭᠡᠷᠡᠭᠢ ᠰᠤᠷᠪᠢ ᠴᠢᠨᠢ ᠁》 ᠭᠡᠵᠤ ᠰᠤᠨᠢᠭᠤᠴᠢᠯᠠᠬᠤ ᠳᠤ ᠵᠤᠭᠤᠰ ᠨᠠᠭᠠᠳᠤᠭᠠᠤᠨ ᠦᠷᠢᠳᠡᠭ᠍ᠰᠡᠨ ᠨᠠᠢ᠌ᠵᠠ ᠪᠠᠨ ᠥᠮᠦᠭᠯᠡᠵᠤ ᠭᠦᠮᠤᠨ ᠳᠤ ᠴᠤᠭᠢᠭᠳᠠᠭᠰᠠᠨ ᠶᠢᠡᠨ ᠶᠠᠷᠢᠵᠤ᠂ ᠡᠨᠡ ᠰᠤᠷᠪᠢᠨ ᠡᠴᠠ ᠪᠣᠯᠤᠭᠠᠤᠨ ᠭᠤᠷᠪᠠᠨ ᠵᠢᠯ ᠡᠵᠢ ᠲᠡᠶ ᠪᠠᠨ ᠵᠤᠯᠭᠤᠬᠤ ᠪᠠᠷ ᠶᠠᠪᠣᠵᠤ ᠴᠢᠳᠠᠭ᠎ᠠ ᠦᠭᠡᠶ᠂ ᠺᠢᠨᠤ᠋ ᠣᠷᠳᠤᠨ ᠤ ᠡᠭᠦᠳᠡᠨ ᠳᠤ ᠵᠤᠭᠰᠤᠭᠰᠠᠨ ᠳᠡᠷᠭᠡ ᠶᠢ ᠬᠠᠷᠠᠵᠤ ᠵᠤᠭᠤᠰ ᠣᠯᠵᠤ ᠪᠠᠢ᠌ᠭ᠎ᠠ ᠪᠠᠨ ᠴᠤ ᠭᠡᠯᠡᠵᠤ ᠥᠭ᠍ᠪᠡ᠃ 《ᠳᠠᠭᠢᠭᠠᠤᠨ ᠳᠡᠭᠡᠵᠤ ᠮᠠᠭᠤᠬᠠᠢ ᠠᠭᠠᠰᠢᠯᠠᠬᠤ ᠦᠭᠡᠶ᠂ ᠪᠠᠰᠠ ᠰᠤᠷᠪᠢ ᠨᠡᠮᠡᠴᠢᠭᠡᠪᠠᠯ ᠡᠵᠢ ᠲᠡᠶ ᠪᠠᠨ ᠶᠠᠭᠠᠭᠢᠵᠤ ᠠᠭᠤᠯᠵᠠᠬᠤ ᠪᠣᠢ︖》 ᠭᠡᠳ ᠢᠨᠢᠶᠡᠭᠦ ᠳᠤ ᠣᠰᠬᠠᠯ ᠥᠭᠡᠳᠡ ᠡᠴᠠ ᠨᠢ ᠬᠠᠯᠠᠭᠤᠬᠠᠨ ᠬᠠᠷᠠᠭᠠᠤᠨ ᠪᠠᠢ᠌ᠪᠠᠯ ᠢᠴᠢᠵᠤ ᠳᠤᠷᠤᠭᠰᠢ ᠬᠠᠷᠠᠵᠠᠢ᠃ ᠦᠨᠦᠭᠢ ᠵᠤᠷᠢᠮᠠᠭ ᠡᠳᠡᠭᠡᠳ ᠠᠭᠠᠰᠢ ᠨᠢ ᠪᠠᠢ᠌ᠬᠤ ᠦᠭᠡᠶ ᠪᠣᠯᠤᠭᠰᠠᠨ ᠳᠤ ᠣᠰᠬᠠᠯ᠄ 《ᠴᠢ ᠁ ᠳᠠᠷᠠ ᠣᠳᠠᠭ᠎ᠠ᠂ ᠶᠠᠭᠠᠭᠢᠭᠠᠤᠨ ᠭᠡᠨᠡᠳᠲᠡ ᠨᠠᠮ᠎ᠠ ᠶᠢ ᠠᠪᠣᠷᠠᠭᠰᠠᠨ ᠪᠣᠢ︖》 ᠭᠡᠪᠡ᠃ 《ᠬᠡ ᠬᠡ᠂ ᠶᠠᠭᠤ ᠭᠡᠵᠤ ᠭᠡᠯᠡᠭᠦ ᠪᠢᠯᠠ︖》 ᠭᠡᠳ ᠰᠦᠮᠠᠨ ᠳᠡᠭᠦᠨ ᠤ ᠡᠮᠦᠨᠡᠭᠢ ᠴᠤᠮᠤᠨ ᠳᠤ ᠣᠮᠳᠠᠭᠠᠨ ᠭᠢᠵᠤ ᠦᠭ‍ᠭᠦᠭᠡᠳ᠄ 《ᠳᠠᠷᠠ ᠦᠶ᠎ᠡ ᠳᠤ᠁ ᠪᠢ ᠦᠵᠡᠵᠤ ᠳᠦᠪᠳᠡᠭ᠍ᠰᠡᠨ ᠦᠭᠡᠶ᠂ ᠶᠠᠭᠠᠭᠢᠭᠠᠤᠨ ᠶᠤᠮ ᠮᠡᠳᠡᠭᠦ ᠦᠭᠡᠶ᠂ ᠶᠠᠭ ᠯᠠ ᠮᠢᠨᠤ ᠶᠠᠭᠤᠮ᠎ᠠ ᠶᠢ ᠣᠷᠤᠯᠳᠤᠵᠤ ᠪᠠᠢ᠌ᠭ᠎ᠠ ᠰᠢᠭ ᠰᠠᠠᠳᠤᠷᠤᠭᠰᠠᠨ ᠁ ᠡᠨ᠂ ᠪᠢ ᠴᠢᠨᠢ ᠶᠠᠭᠤ ᠶᠠᠷᠢᠵᠤ ᠪᠠᠢ᠌ᠬᠤ ᠪᠣᠢ︖ ᠨᠠᠳᠠ ᠳᠤ ᠴᠤ ᠭᠡᠦᠭᠡᠨ ᠳᠡᠭᠦᠤ ᠲᠡᠶ ᠪᠠᠢ᠌ᠭᠰᠠᠨ ᠪᠣᠯ ᠥᠭᠡᠷ᠎ᠡ ᠦᠦ ᠳ᠋ᠠ ︖》 ᠭᠡᠵᠤ ᠴᠢᠳᠠᠬᠤ ᠶᠢᠨ ᠳᠤᠳᠤᠷ᠎ᠠ ᠡᠪᠳᠡᠢ ᠭᠡᠯᠡᠭᠦ ᠭᠡᠵᠤ ᠴᠢᠷᠮᠠᠢ᠌ᠪᠠ᠃

ᠰᠠᠯᠬᠤ ᠳᠤ ᠪᠠᠨ ᠣᠰᠬᠠᠯ ᠦᠪᠡᠷ ᠤᠨ ᠣᠳᠠᠰᠤᠨ ᠨᠤᠮᠸᠷ ᠶᠢᠡᠨ ᠦᠯᠡᠳᠡᠭᠡᠵᠤ ᠦᠭ‍ᠭᠦᠭᠡᠳ ᠬᠠᠷᠢᠯᠴᠠᠬᠤ ᠰᠠᠨᠠᠭ᠎ᠠ ᠪᠠᠨ ᠢᠯᠡᠳᠭᠡᠪᠠᠯ ᠰᠦᠮᠠᠨ ᠬᠠᠷᠢᠨ᠄ 《ᠨᠠᠳᠠ ᠡᠴᠠ ᠬᠤᠯᠠᠬᠠᠨ ᠪᠠᠢ︕》 ᠭᠡᠵᠤ ᠡᠷᠡᠰ ᠭᠡᠯᠡᠪᠡ᠃ 《ᠡᠨ ︖》 ᠣᠰᠬᠠᠯ ᠣᠭᠢᠯᠠᠮᠠᠷ ᠰᠠᠨᠠᠭᠳᠠᠭᠰᠠᠨ ᠴᠤ᠄ 《ᠶᠠᠭᠤᠨ ᠳᠤ ︖》 ᠭᠡᠵᠤ ᠡᠭ᠍ᠴᠡᠯᠡᠨ ᠰᠢᠷᠳᠠᠪᠠ᠃ 《ᠣᠰᠬᠠᠯ᠂ ᠪᠢ ᠪᠣᠯ ᠶᠠᠮᠠᠷ ᠭᠦᠮᠤᠨ ᠭᠡᠳᠡᠭ᠌ ᠢ ᠴᠢ ᠶᠠᠮᠠᠷ ᠮᠡᠳᠡᠭᠦ ᠦᠭᠡᠶ ᠪᠢᠰᠢ ᠁》 ᠭᠡᠳᠡᠯ᠎ᠡ ᠳᠠᠷᠠ ᠥᠭᠡ ᠶᠢ ᠨᠢ ᠳᠠᠰᠤᠯᠵᠤ᠄ 《ᠮᠠᠳᠠᠨ᠎ᠡ᠂ ᠴᠢ ᠪᠣᠯ ᠰᠠᠢ᠌ᠨ ᠭᠦᠮᠤᠨ᠂ ᠪᠢ ᠶᠠᠷᠤ ᠡᠴᠠ ᠴᠢᠮ᠎ᠠ ᠶᠢ ᠮᠠᠭᠤ ᠭᠡᠵᠤ ᠪᠣᠳᠤᠭ᠎ᠠ ᠦᠭᠡᠶ︕》 ᠭᠡᠵᠤ ᠵᠢᠷᠦᠭᠡᠯᠡᠵᠤ ᠭᠡᠯᠡᠭᠦ ᠳᠤ ᠬᠤᠭᠤᠯᠠᠢ ᠨᠢ ᠴᠡᠴᠡᠷᠭᠡᠨᠡᠵᠤ ᠬᠠᠮᠠᠷ ᠤᠨ ᠥᠵᠦᠭᠦᠷ ᠨᠢ ᠱᠠᠷᠭᠢᠷᠠᠭᠠᠤᠨ ᠶᠠᠪᠣᠴᠢᠬᠠᠪᠠ᠃ ᠰᠦᠮᠠᠨ ᠤ ᠬᠤᠷᠴᠠ ᠭᠡᠷᠡᠯᠳᠡᠢ ᠭᠦᠩᠭᠦᠭᠡᠷ ᠨᠢᠳᠤᠨ ᠳᠤ ᠭᠤᠨᠢᠭ᠂ ᠪᠠᠶᠠᠰᠤᠯ᠂ ᠳᠤᠭᠳᠤᠯᠤᠯ᠂ ᠪᠠᠴᠢᠮᠳᠠᠯ ᠵᠡᠷᠭᠡᠪᠠᠷ ᠢᠯᠡᠷᠡᠭ᠍ᠰᠡᠨ ᠶᠢᠠᠨ ᠣᠳᠠᠳᠠᠯ᠎ᠠ ᠥᠭᠡᠳᠡ ᠡᠴᠠ ᠨᠢ ᠰᠢᠷᠳᠠᠵᠤ ᠭᠠᠷ ᠢ ᠨᠢ ᠴᠢᠩᠭ᠎ᠠ ᠠᠳᠬᠤᠭᠠᠤᠨ᠄ 《ᠪᠠᠶᠠᠷᠳᠠᠢ︕》 ᠭᠡᠪᠡ᠃

ᠣᠰᠬᠠᠯ ᠶᠠᠭᠤ ᠴᠤ ᠭᠢᠭᠦ ᠳᠤᠷ᠎ᠠ ᠦᠭᠡᠶ ᠰᠦᠨᠠᠰᠤ ᠦᠭᠡᠶ ᠭᠦᠮᠤᠨ ᠰᠢᠭ᠌ ᠪᠣᠯᠵᠤ ᠰᠦᠮᠠᠨ ᠡᠴᠠ ᠥᠭᠡᠷ᠎ᠡ ᠶᠠᠭᠤ ᠴᠤ ᠪᠣᠳᠤᠭᠳᠠᠬᠤ ᠦᠭᠡᠶ᠃ ᠳᠠᠷᠠ ᠦᠪᠡᠷ ᠢ ᠪᠠᠨ 《ᠳᠡᠨᠡᠭ᠌᠂ ᠰᠤᠯᠢᠶᠠᠳᠤ》 ᠭᠡᠵᠤ ᠭᠡᠴᠢᠨᠡᠨ ᠪᠣᠳᠤᠭᠰᠠᠨ ᠴᠤ ᠰᠡᠳᠭᠢᠯ ᠨᠢ ᠰᠠᠨᠠᠭ᠎ᠠ ᠶᠢ ᠨᠢ ᠶᠠᠷᠤ ᠳᠠᠭᠠᠬᠤ ᠦᠭᠡᠶ ᠪᠠᠢ᠌ᠯ᠎ᠠ᠃ ᠰᠦᠮᠠᠨ ᠢ ᠬᠠᠢ᠌ᠷᠠᠯᠠᠴᠢᠬᠠᠭᠰᠠᠨ ᠭᠡᠵᠤ ᠪᠣᠳᠤᠬᠤ ᠡᠴᠠ ᠣᠷᠤᠨ ᠭᠠᠷᠤᠨ ᠪᠣᠭᠢᠨᠢᠳᠤᠵᠤ ᠭᠠᠷ ᠣᠳᠠᠰᠤ ᠪᠠᠨ ᠪᠠᠢ᠌ᠨ ᠪᠠᠢ᠌ᠨ ᠠᠪᠴᠤ ᠦᠵᠡᠨ᠎ᠡ᠃

ᠭᠠᠷᠠᠭ ᠤᠨ ᠵᠢᠷᠭᠤᠭᠠᠨ ᠳᠤ ᠰᠦᠮᠠᠨ ᠳᠡᠭᠦᠨ ᠲᠡᠶ ᠪᠣᠯᠵᠤᠵᠤ ᠠᠭᠤᠯᠵᠠᠬᠤ ᠭᠡᠰᠡᠨ ᠮᠡᠳᠡᠭᠡ ᠢᠷᠡᠭᠦᠯᠦᠭ᠍ᠰᠡᠨ ᠳᠤ ᠳᠠᠷᠠ ᠣᠳᠤ ᠯᠠ ᠨᠢᠭᠡ ᠪᠣᠳᠤᠭᠰᠠᠨ ᠰᠠᠨᠠᠭᠰᠠᠨ ᠶᠢᠠᠨ ᠪᠦᠭᠦᠨ ᠢ ᠠᠭᠤᠳᠠᠯᠤᠭᠠᠤᠨ ᠰᠠᠨᠠᠭ᠎ᠠ ᠠᠮᠤᠷᠠᠨ᠎ᠠ ᠳ᠋ᠠ᠂ ᠶᠠᠭᠠᠭᠢᠪᠠᠯ ᠶᠠᠭᠠᠭᠢᠭ ᠭᠡᠵᠤ ᠪᠣᠳᠤᠭᠰᠠᠭᠠᠷ ᠳᠦᠷᠭᠡᠯᠡᠨ ᠠᠯᠬᠤᠯᠠᠵᠤ ᠴᠡᠴᠡᠷᠯᠢᠭ᠌ ᠲᠤ ᠢᠷᠠᠪᠠ᠃ ᠳᠠᠷᠠ ᠰᠦᠮᠠᠨ ᠳᠤ ᠤᠢ᠌ᠷᠠᠳᠤᠨ ᠢᠷᠡᠮᠡᠭ᠍ᠴᠡ ᠭᠡᠷᠡᠯᠳᠡᠢ ᠨᠢᠳᠤᠨ ᠬᠠᠷᠠᠴᠠᠨ ᠡᠴᠠ ᠨᠢ ᠪᠠᠰᠠᠯᠠ ᠳᠠᠯᠳᠠᠷᠢᠵᠤ ᠬᠠᠷᠠᠴᠠ ᠪᠠᠨ ᠪᠣᠷᠤᠭᠤᠯᠠᠨ᠄ 《ᠴᠢ ᠳᠤᠩ ᠬᠠᠷ᠎ᠠ ᠰᠡᠳᠭᠢᠯ ᠲᠡᠶ︕》 ᠭᠡᠪᠡ᠃ 《ᠳᠠᠢ᠌ᠮᠤ ᠡ》 ᠰᠦᠮᠠᠨ ᠤ ᠲᠦᠪ ᠳᠦᠭᠦᠮᠭᠡᠨ ᠨᠢᠭᠡᠯᠡ ᠥᠭᠡ ᠳᠡᠭᠦᠨ ᠤ ᠵᠢᠷᠦᠭᠡ ᠶᠢ ᠪᠠᠵᠠᠵᠤ ᠪᠠᠢ᠌ᠬᠤ ᠰᠢᠭ ᠡᠪᠠᠳᠦᠭᠦᠯᠵᠤ᠄ 《ᠳᠡᠭᠡᠭᠡᠳ ᠴᠢ ᠨᠠᠮ᠎ᠠ ᠶᠢ ᠶᠠᠭᠤᠨ ᠳᠤ ᠬᠠᠮᠢᠶᠠᠷᠤᠭᠰᠠᠨ ᠪᠣᠢ︖ ᠪᠢ ᠶᠠᠭᠠᠭᠢᠪᠠᠯ ᠶᠠᠭᠠᠭᠢᠭ᠂ ᠴᠢ ᠨᠠᠮ᠎ᠠ ᠶᠢ ᠳᠠᠳᠠᠨ ᠶᠢᠡᠷ ᠮᠠᠭᠤᠴᠢᠯᠠᠭᠤᠯᠪᠠᠯ ᠪᠠᠷᠠᠯ᠎ᠠ》 ᠭᠡᠳ ᠬᠠᠰᠭᠢᠷᠴᠢᠬᠠᠪᠠ᠃ ᠰᠦᠮᠠᠨ ᠤ ᠬᠤᠷᠴᠠ ᠭᠡᠷᠡᠯᠳᠡᠢ ᠨᠢᠳᠤ ᠮᠦᠨ ᠯᠠ ᠭᠢᠯᠠᠰᠭᠢᠵᠤ ᠣᠷᠤᠭᠤᠯ ᠨᠢ ᠦᠯᠤ ᠮᠡᠳᠡᠭ᠌ ᠴᠡᠴᠡᠷᠭᠡᠨᠡᠵᠤ᠄ 《ᠣᠰᠤᠯᠳᠤᠯ᠎ᠠ》 ᠭᠡᠪᠡ᠃ ᠣᠰᠬᠠᠯ ᠦᠪᠡᠷ ᠤᠨ ᠭᠡᠢ ᠪᠣᠳᠤᠯ ᠳᠤ ᠰᠤᠭᠳᠤᠭᠤᠷᠠᠵᠤ ᠶᠠᠪᠣᠭᠰᠠᠨ ᠬᠤᠤᠷ ᠶᠢᠡᠨ ᠠᠮᠰᠠᠵᠤ ᠪᠠᠢ᠌ᠭ᠎ᠠ ᠳᠤ ᠪᠠᠨ ᠨᠢᠭᠤᠷ ᠳᠦᠭᠦᠷᠡᠩ ᠨᠢᠯᠪᠣᠰᠤ ᠲᠡᠶ ᠪᠣᠴᠠᠵᠤ ᠠᠯᠬᠤᠯ᠎ᠠ᠃

ᠣᠰᠬᠠᠯ ᠶᠠᠭ ᠯᠠ ᠡᠪᠡᠳᠴᠢᠨ ᠳᠤ ᠨᠡᠷᠪᠠᠭ᠍ᠳᠡᠭ᠍ᠰᠡᠨ ᠰᠢᠭ᠌ ᠢᠳᠡᠭᠡᠳ ᠠᠮᠳᠠ ᠦᠭᠡᠶ᠂ ᠣᠠᠳᠠᠭᠠᠤᠨ ᠨᠣᠢ᠌ᠷ ᠦᠭᠡᠶ᠃ 《ᠶᠠᠭ ᠯᠠ ᠮᠢᠨᠤ ᠶᠠᠭᠤᠮ᠎ᠠ ᠲᠡᠶ ᠣᠷᠤᠯᠳᠤᠵᠤ ᠪᠠᠢ᠌ᠬᠤ ᠰᠢᠭ ᠰᠠᠠᠳᠤᠷᠤᠭᠰᠠᠨ》 ᠭᠡᠭᠦ ᠰᠦᠮᠠᠨ ᠤ ᠥᠭᠡ ᠪᠠᠢ᠌ᠨ ᠪᠠᠢ᠌ᠨ ᠰᠤᠨᠤᠰᠳᠠᠵᠤ ᠳᠡᠭᠦᠨ ᠤ ᠭᠡᠷᠡᠯᠳᠡᠢ ᠬᠤᠤᠰ ᠨᠢᠳᠤᠨ ᠬᠠᠷᠠᠴᠠ ᠥᠭᠡᠳᠡ ᠡᠴᠠ ᠨᠢ ᠬᠠᠷᠠᠵᠤ ᠪᠠᠢ᠌ᠭ᠎ᠠ ᠰᠢᠭ᠃ ᠳᠡᠷᠡᠭᠦ ᠬᠠᠷᠠᠴᠠ ᠳᠡᠭᠦᠨ ᠤ ᠰᠡᠳᠭᠢᠯ ᠢ ᠭᠡᠵᠢᠭᠡᠳᠡᠵᠤ᠂ ᠵᠢᠷᠦᠭᠡ ᠶᠢ ᠨᠢ ᠪᠣᠯᠭᠢᠭᠤᠯᠳᠠᠭ ᠰᠢᠳᠢ ᠲᠡᠶ ᠠᠵᠠᠢ᠃ ᠳᠠᠷᠠ ᠵᠠᠷᠢᠮ ᠳᠤ ᠪᠠᠨ ᠺᠢᠨᠤ᠋ ᠣᠷᠳᠤᠨ ᠤ ᠡᠭᠦᠳᠡᠨ ᠳᠤ ᠣᠴᠢᠴᠢᠬᠠᠭᠠᠤᠨ ᠳᠡᠨᠡᠭ᠌ ᠭᠦᠮᠤᠨ ᠰᠢᠭ᠌ ᠮᠡᠨᠡᠭ᠍ᠷᠡᠵᠤ ᠵᠤᠭᠰᠤᠳᠠᠭ ᠪᠣᠯᠵᠠᠢ᠃ ᠰᠦᠮᠠᠨ ᠭᠡᠳᠦᠭᠡᠨ ᠠᠯᠬᠤᠮ ᠤᠨ ᠴᠠᠭᠠᠨ᠎ᠠ ᠪᠠᠢ᠌ᠪᠠᠴᠤ ᠳᠠᠷᠠ ᠬᠠᠵᠠᠭᠤ ᠳᠤ ᠨᠢ ᠣᠴᠢᠳᠠᠭ ᠦᠭᠡᠶ᠂ ᠰᠦᠮᠠᠨ ᠴᠤ ᠢᠷᠡᠳᠡᠭ᠌ ᠦᠭᠡᠶ᠂ ᠪᠠᠢ᠌ᠨ ᠪᠠᠢ᠌ᠨ ᠳᠡᠭᠦᠨ ᠢ ᠬᠠᠷᠠᠵᠤ ᠦᠵᠡᠵᠤ ᠪᠠᠢ᠌ᠪᠠᠴᠤ ᠮᠦᠨ ᠯᠠ ᠭᠢᠳᠡᠭ᠌ ᠶᠢᠡᠨ ᠭᠢᠨ᠎ᠡ᠃

ᠡᠨᠡ ᠣᠷᠤᠢ ᠮᠦᠨ ᠯᠠ ᠳᠠᠰᠤ ᠬᠠᠷᠠᠩᠭ᠋ᠤᠢ᠃ ᠣᠰᠬᠠᠯ ᠣᠤᠯ ᠶᠤᠰᠤᠭᠠᠷ ᠶᠢᠡᠨ ᠭᠤᠨᠢ ᠭᠠᠭᠴᠠᠭᠠᠷ ᠶᠠᠪᠣᠵᠤ ᠣᠢ᠌ᠳᠤᠭᠰᠠᠨ ᠪᠦᠳᠡᠭᠢ ᠭᠡᠷᠡᠯᠳᠡᠢ ᠭᠤᠳᠤᠮᠵᠢ ᠪᠠᠷ ᠶᠢᠡᠨ ᠣᠷᠢᠶᠠᠵᠤ ᠶᠠᠪᠣᠬᠤ ᠳᠤ ᠪᠠᠨ ᠪᠠᠶ᠎ᠠ ᠪᠠᠨ ᠵᠤᠷᠢᠭᠵᠢᠭᠤᠯᠵᠤ ᠬᠤᠷᠳᠤᠨ ᠬᠤᠷᠳᠤᠨ ᠠᠯᠬᠤᠨ᠎ᠠ᠃ ᠭᠡᠨᠡᠳᠲᠡ ᠠᠷᠤ ᠳᠤ ᠨᠢ ᠭᠦᠯ ᠤᠨ ᠴᠢᠮᠡᠭᠡ ᠭᠠᠷᠬᠤ ᠰᠢᠭ ᠪᠣᠯᠬᠤ ᠳᠤ ᠬᠣᠢ᠌ᠬ᠎ᠠ ᠶᠢᠨ ᠦᠰᠦ ᠨᠢ ᠠᠷᠵᠠᠰ ᠭᠢᠵᠤ᠄ 《ᠡᠨ︕》 ᠭᠡᠳ ᠪᠠᠷᠭᠢᠷᠠᠴᠢᠬᠠᠪᠠ᠃ 《ᠭᠦᠢ᠂ ᠣᠰᠬᠠᠯ ᠡ᠂ ᠪᠢ ᠪᠠᠢ᠌ᠨ᠎ᠠ》 ᠭᠡᠭᠦ ᠰᠦᠮᠠᠨ ᠤ ᠳᠠᠭᠤ ᠪᠠᠴᠢᠮᠳᠠᠩᠭ᠋ᠤᠢ ᠳᠤᠭᠤᠯᠳᠠᠵᠤ᠂ 《ᠪᠢᠳᠡᠭᠡᠢ ᠠᠶᠤ︕》 ᠭᠡᠳ ᠠᠷᠤ ᠡᠴᠠ ᠨᠢ ᠭᠦᠢᠴᠡᠨ ᠢᠷᠡᠭᠦ ᠳᠤ ᠠᠶᠤᠭᠰᠠᠨ ᠭᠦᠴᠤᠨ ᠳᠤ ᠪᠠᠨ ᠦᠦ ︖ ᠪᠠᠶᠠᠷᠯᠠᠭᠰᠠᠨ ᠳᠤ ᠪᠠᠨ ᠦᠦ ︖ ᠣᠰᠬᠠᠯ ᠨᠦᠷᠢᠨ ᠣᠴᠢᠵᠤ ᠡᠯᠢᠭᠡᠨ ᠳᠤ ᠨᠢ ᠨᠠᠭᠠᠯᠳᠤᠭᠠᠤᠨ ᠮᠡᠭ᠍ᠰᠢᠴᠢᠭᠡᠪᠡ᠃ ᠣᠤᠯ ᠨᠢ ᠰᠦᠮᠠᠨ ᠳᠡᠭᠦᠨ ᠢ ᠠᠶᠤᠬᠤ ᠡᠴᠠ ᠪᠣᠯᠭᠤᠮᠵᠢᠯᠠᠵᠤ ᠭᠠᠭᠴᠠᠭᠠᠷ ᠶᠠᠪᠣᠬᠤ ᠪᠣᠯᠭᠠᠨ ᠠᠷᠤ ᠳᠤ ᠨᠢ ᠰᠡᠮᠡᠭᠡᠷ ᠳᠠᠭᠠᠵᠤ ᠭᠡᠷ ᠲᠤ ᠨᠢ ᠭᠦᠷᠭᠡᠳᠡᠭ᠌ ᠪᠠᠢ᠌ᠵᠠᠢ᠃ 《ᠮᠠᠭᠤ ᠶᠠᠭᠤᠮ᠎ᠠ᠂ ᠶᠠᠭᠠᠭᠢᠭᠰᠠᠨ ᠣᠯᠢᠭ ᠦᠭᠡᠶ ᠪᠣᠢ︖》 ᠭᠡᠵᠤ ᠣᠰᠬᠠᠯ ᠨᠢᠯᠪᠣᠰᠤ ᠪᠠᠨ ᠠᠷᠴᠢᠨ ᠭᠡᠯᠡᠭᠦ ᠳᠤ ᠰᠦᠮᠠᠨ ᠳᠡᠭᠦᠨ ᠢ ᠳᠡᠪᠠᠷᠢᠭ᠍ᠰᠡᠨ ᠭᠡᠪ ᠶᠢᠡᠷ ᠶᠢᠡᠨ ᠴᠢᠭᠢᠨ ᠳᠤ ᠨᠢ᠄ 《ᠴᠢ ᠴᠢᠨᠢ ᠳᠤᠷᠠᠳᠠᠢ ᠪᠢᠰᠢ ᠶᠤᠮ ᠦᠦ ︖》 ᠭᠡᠵᠤ ᠰᠢᠪᠠᠨᠠᠪᠠ᠃ ᠳᠠᠷᠠ ᠵᠤᠷᠢᠭᠤᠳᠠ ᠳᠡᠯᠴᠢᠯᠡᠭᠦ ᠳᠤ ᠰᠦᠮᠠᠨ ᠣᠯᠠᠮ ᠴᠢᠩᠭ᠎ᠠ ᠳᠠᠪᠠᠷᠢᠨ᠄ 《ᠳᠤᠳᠠᠭᠠᠵᠤ ᠭᠠᠷᠬᠤ ᠦᠭᠡᠶ ᠰᠢᠤ︕ ᠪᠢ ᠴᠢᠮ᠎ᠠ ᠶᠢ ᠳᠤᠭᠤᠴᠢᠬᠠᠭᠰᠠᠨ ᠡᠴᠠ ᠬᠣᠢ᠌ᠰᠢ︕》 ᠭᠡᠵᠤ ᠠᠯᠢᠶᠠᠯᠠᠨ᠎ᠡ᠃ 《ᠪᠢ ᠴᠢᠮ᠎ᠠ ᠳᠤ ᠳᠤᠷ᠎ᠠ ᠦᠭᠡᠶ᠂ ᠳᠤᠷ᠎ᠠ ᠦᠭᠡᠶ᠂ ᠳᠤᠷ᠎ᠠ ᠦᠭᠡᠶ᠁》 ᠭᠡᠵᠤ ᠳᠠᠷᠠ ᠬᠠᠠᠳᠠᠯ᠎ᠠ ᠭᠡᠯᠡᠶ᠎ᠡ ᠭᠡᠳᠡᠯ᠎ᠡ ᠰᠦᠮᠠᠨ ᠤ ᠬᠠᠯᠠᠭᠤᠨ ᠦᠨᠦᠰᠤᠯᠳᠠ ᠣᠷᠤᠭᠤᠯ ᠢ ᠨᠢ ᠳᠠᠰᠤ ᠪᠦᠭᠯᠡᠵᠤ ᠵᠠᠯᠭᠠᠭᠠᠤᠨ ᠭᠡᠯᠡᠵᠤ ᠭᠠᠷᠤᠭᠰᠠᠨ ᠦᠭᠡᠶ᠁

ᠣᠰᠬᠠᠯ ᠳᠠᠭᠢᠵᠤ ᠶᠠᠷᠤ ᠭᠠᠭᠴᠠᠭᠠᠷ ᠵᠠᠮᠨᠠᠭᠰᠠᠨ ᠦᠭᠡᠶ᠁


2002.8 ᠰᠠᠷ᠎ᠠ ᠳᠤ ᠪᠢᠴᠢᠵᠤ 2010.8.8 ᠳᠤ ᠵᠠᠰᠠᠪᠠ᠃


ᠵᠤᠬᠢᠶᠠᠭᠴᠢ ᠶᠢᠨ ᠬᠠᠶ‍ᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 18409
ᠴᠠᠭ᠄ 2010 ᠤᠨ ᠤ 08 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ