ᠨᠡᠪᠲᠡᠷᠡᠨ ᠤᠷᠤᠬᠤ
ᠪᠦᠭᠦᠨ ᠢ ᠥᠩᠭᠡᠷᠡᠭᠦᠯ

ᠬᠤᠯᠠ ᠶᠢᠨ ᠭᠦᠢᠳᠡᠨ ᠰᠠᠯᠭᠢ ᠶᠢ ᠥᠩᠭᠡᠷᠡᠭᠦᠯ

ᠬᠤᠩᠭ᠋ᠤᠷ ᠴᠡᠴᠡᠭ᠌ ᠤᠨ ᠠᠷᠢᠭᠤᠨ ᠳᠡᠯᠪᠠᠭᠡ ᠶᠢ ᠴᠡᠴᠡᠷᠡᠭᠦᠯ

ᠬᠤᠤᠰ ᠦᠭᠡᠶ ᠤᠶᠠᠩ‍ᠭ᠎ᠠ ᠶᠢ ᠰᠢᠪᠠᠨᠠᠵᠤ ᠳᠠᠮᠵᠢᠭᠤᠯ

ᠬᠤᠶᠠᠷ ᠦᠭᠡᠶ ᠴᠢᠩ ᠵᠤᠷᠢᠭ ᠢ ᠥᠵᠡᠭᠦᠯ

ᠬᠤᠯᠠᠳᠠᠬᠤ ᠶᠢᠨ ᠡᠷᠭᠡᠨ᠎ᠡ

ᠡᠩᠭᠡ ᠨᠤᠳᠤᠭ ᠤᠨ ᠴᠠᠰᠤᠨ ᠬᠠᠢ᠌ᠯᠵᠤ

ᠡᠷᠭᠢᠭᠦ ᠡᠭᠦᠯᠡᠨ ᠤ ᠡᠩᠭᠡᠷ ᠳᠠᠢ᠌ᠯᠠᠵᠤ

ᠡᠰᠡᠨ ᠮᠠᠠᠳᠤ ᠣᠳᠤᠳ ᠬᠤᠷᠮᠣᠢ᠌ᠯᠠᠵᠤ

ᠡᠮᠵᠡᠭ᠌ ᠰᠡᠳᠭᠢᠯ ᠤᠨ ᠭᠦᠨ᠎ᠡ ᠪᠦᠤᠪᠠᠢ᠌ᠯᠠᠵᠤ

ᠡᠨᠡ ᠪᠦᠭᠦᠢᠯᠡ ᠠᠮᠢᠳᠤᠷᠠᠯ ᠢ ᠰᠠᠠᠰᠠᠷ ᠲᠤ ᠳᠠᠢ᠌ᠵᠤ

ᠡᠭᠡᠮ ᠤᠨ ᠶᠠᠰᠤᠨ ᠡᠯᠡᠭ᠍ᠳᠡᠭᠦ ᠶᠢ ᠮᠡᠳᠡᠭᠦᠯ᠂

ᠡᠷᠭᠢᠮᠰᠦᠭ᠌ ᠭᠠᠩᠭ᠋ᠠᠨ ᠪᠦᠭᠦᠨ ᠢ ᠮᠡᠳᠡᠷᠡᠭᠦᠯ᠂

ᠡᠮᠡᠭᠡᠯ ᠬᠠᠵᠠᠭᠠᠷ ᠤᠨ ᠳᠠᠭᠤᠨ

ᠡᠯᠢᠭᠡᠨ ᠲᠦᠰᠢᠶ᠎ᠠ ᠴᠠᠩᠭᠢᠨᠠᠬᠤ ᠳ᠋ᠤ

ᠡᠷᠭᠢᠵᠤ ᠢᠷᠡᠭᠦ ᠶᠢ ᠵᠦᠩᠨᠠᠵᠤ ᠰᠠᠨᠠᠭᠤᠯ

ᠡᠶᠡᠷᠡᠭ᠌ ᠪᠦᠭᠦᠨ ᠢ ᠥᠩᠭᠡᠷᠡᠭᠦᠯ ᠁

ᠤᠢ᠌ᠷᠠᠳᠤᠬᠤ ᠶᠢᠨ ᠊ᠭ᠍ᠱᠡᠨ᠎ᠡ

ᠣᠩᠭ᠋ᠤᠳ ᠪᠠᠭᠤᠭᠰᠠᠨ ᠬᠤᠷᠸ᠎ᠠ

ᠣᠢ᠌ᠵᠤ ᠳᠤᠰᠤᠭᠰᠠᠨ ᠰᠠᠷᠠᠨ ᠭᠡᠷᠡᠯ ᠬᠠᠢ᠌ᠯᠵᠤ

ᠣᠢ ᠮᠤᠳᠤᠳ ᠤᠨ ᠡᠩᠭᠡᠷ ᠳᠠᠢ᠌ᠯᠠᠵᠤ

ᠣᠷᠭᠢᠯᠬᠤ ᠪᠣᠯᠠᠭ ᠤᠨ ᠳᠤᠰᠤᠯ ᠬᠤᠷᠮᠣᠢ᠌ᠯᠠᠵᠤ

ᠣᠷᠮ᠎ᠠ ᠵᠤᠷᠢᠭ ᠤᠨ ᠭᠦᠨ᠎ᠡ ᠪᠦᠤᠪᠠᠢ᠌ᠯᠠᠵᠤ

ᠡᠨᠡ ᠪᠦᠭᠦᠢᠯᠡ ᠠᠮᠢᠳᠤᠷᠠᠯ ᠢ ᠣᠪᠣᠭᠠᠨ ᠳᠤ ᠳᠠᠢ᠌ᠵᠤ

ᠡᠷᠡᠨ ᠴᠠᠭ ᠤᠨ ᠡᠯᠡᠭ᠍ᠳᠡᠭᠦ ᠶᠢ ᠮᠡᠳᠡᠭᠦᠯ

ᠡᠰᠡᠷᠭᠦᠨ ᠳᠡᠭ᠍ᠷᠢ ᠶᠢᠨ ᠨᠢᠭᠤᠴᠠ ᠶᠢ ᠮᠡᠳᠡᠷᠡᠭᠦᠯ

ᠡᠭᠢ ᠵᠠᠬ᠎ᠠ ᠦᠭᠡᠶ ᠨᠢ ᠪᠣᠰᠤ ᠊᠊᠊᠊᠊᠊᠊᠊᠊᠊᠊᠊᠊᠊᠊

ᠡᠶᠡᠷᠡᠭ᠌ ᠡᠨᠡ ᠪᠦᠭᠦᠨ ᠢ ᠥᠩᠭᠡᠷᠡᠭᠦᠯ ᠡ ᠁



ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2011 ᠤᠨ ᠤ 03 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ