☆ ᠬᠦᠬᠡᠳᠠᠪᠠᠯᠭᠠᠨ
ᠭᠠᠩ
(ᠭᠦᠳᠦᠯᠦᠭᠡ ᠨᠢᠭᠡ)
ᠬᠤᠷᠭᠠᠯᠵᠢᠨ ᠡᠭᠦᠯᠡ ᠵᠢᠷᠤᠭ ᠲᠤ ᠰᠢᠩᠭᠡᠪᠡ
ᠬᠤᠤᠠᠳᠤᠭ ᠤᠨ ᠣᠰᠤᠨ ᠯᠤᠤᠰ ᠲᠤ ᠰᠢᠷᠭᠢᠪᠠ
ᠬᠤᠨ ᠲᠡᠶ ᠨᠠᠭᠤᠷ ᠳᠡᠭ᠍ᠷᠢ ᠳᠤ ᠳᠡᠭ᠍ᠳᠡᠪᠡ
ᠬᠤᠨᠢᠨ ᠰᠥᠷᠦᠭ᠌ ᠠᠷᠠᠰᠤ ᠪᠠᠨ ᠱᠠᠭᠠᠯᠠᠪᠠ
ᠭᠦᠳᠡᠭᠡ ᠰᠢᠯᠢ ᠳᠤ ᠴᠢᠯᠠᠭᠤ ᠨᠢ ᠪᠣᠴᠠᠯᠪᠠ
ᠭᠦᠭᠡ ᠡᠪᠠᠰᠤ ᠭᠦᠯᠭᠡ ᠳᠤ ᠵᠠᠷᠤᠭᠳᠠᠪᠠ
ᠭᠦᠭᠡᠷᠦᠭᠦᠢ ᠮᠠᠯᠴᠢᠳ ᠵᠤᠯᠢᠭ ᠲᠤ ᠭᠠᠷᠪᠠ
ᠭᠦᠷᠦᠭ᠍ᠰᠡᠨ ᠰᠡᠳᠭᠢᠯ ᠳᠤ ᠭᠢᠷᠠᠭᠤ ᠪᠠᠭᠤᠪᠠ
ᠭᠡᠴᠡᠭᠦᠤ ᠶᠤᠰᠤ
ᠪᠠᠢ᠌ᠭᠠᠯᠢ ᠪᠠᠨ ᠳᠡᠭᠡᠳᠦᠯᠡᠭ᠍ᠰᠡᠨ ᠨᠡᠭᠦᠳᠡᠯ ᠳᠤᠭᠤᠷᠭᠠᠳᠠᠨ ᠤ
ᠪᠠᠶᠠᠨ ᠰᠠᠩ ᠨᠢ ᠨᠡᠭᠡᠭᠡᠭ᠍ᠳᠡᠵᠤ ᠠᠢ᠌ᠰᠤᠢ
ᠪᠣᠳᠤᠯᠭ᠎ᠠ ᠬᠠᠳᠠᠭᠤ ᠭᠦᠭ᠍ᠵᠢᠯᠳᠡ ᠶᠢᠨ ᠭᠦᠷᠳᠤᠨ
ᠪᠣᠮ ᠰᠠᠶ᠎ᠠ ᠪᠠᠷ ᠢᠪᠠᠷᠠᠵᠤ ᠠᠢ᠌ᠰᠤᠢ
ᠵᠤᠵᠠᠭᠠᠨ ᠦᠪ ᠲᠡᠶ ᠮᠤᠷᠢᠳᠠᠨ ᠣᠭᠰᠠᠭᠠᠳᠠᠨ
ᠵᠠᠩ ᠶᠢᠡᠨ ᠠᠯᠳᠠᠨ ᠠᠷᠢᠯᠵᠤ ᠣᠳᠤᠬᠤᠢ
ᠵᠠᠭᠤᠳᠠᠯ ᠬᠠᠳᠠᠭᠤ ᠨᠡᠭᠡᠭᠡᠯᠳᠡ ᠶᠢᠨ ᠴᠤᠪᠣᠭ᠎ᠠ
ᠵᠠᠭᠤ ᠮᠢᠩᠭ᠋᠎ᠠ ᠪᠠᠷ ᠬᠤᠮᠤᠷᠭᠠᠯᠠᠵᠤ ᠣᠷᠤᠬᠤᠢ᠃
ᠵᠤᠬᠢᠶᠠᠭᠴᠢ᠄ ᠬᠦᠬᠡᠳᠠᠪᠠᠯᠭᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2009 ᠤᠨ ᠤ 08 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ