☆ ᠷᠠ᠊·ᠥᠯᠵᠡᠢ᠌ᠳᠡᠯᠭᠡᠷ
ᠤᠰᠤᠨ ᠤ ᠴᠢᠮᠡᠭᠡ
ᠢᠯᠢᠮ ᠵᠢᠯᠢᠮᠭᠡᠨ ᠰᠦᠨᠢ ᠶᠢᠨ ᠭᠦᠨ ᠳ᠋ᠤ
ᠠᠨᠢᠪᠴᠢᠬᠤ ᠣᠳᠤᠨ ᠲᠡᠶ ᠪᠠᠨ ᠮᠥᠴᠡᠭᠡᠷᠭᠡᠨ
ᠳᠠᠷᠠ ᠶᠢᠨ ᠳᠡᠷᠭᠡᠳᠡ ᠴᠢ
ᠠᠨᠢᠷ ᠦᠭᠡᠶ ᠳᠠᠯ᠎ᠠ ᠶᠢ ᠡᠪᠳᠡᠭ᠍ᠰᠡᠨ ᠶᠠᠯ᠎ᠠ ᠪᠣᠯᠵᠤ
ᠵᠡᠭᠦᠷᠮᠡᠭ᠍ᠳᠡᠭᠦ ᠨᠣᠢ᠌ᠷ ᠲᠤ ᠬᠤᠨᠤᠭᠰᠢᠨ᠎ᠠ᠃
ᠪᠠᠢ᠌ᠭᠠᠯᠢ ᠳᠡᠯᠡᠭᠡᠢ ᠶᠢᠨ ᠶᠢᠡᠨ ᠵᠢᠮ᠎ᠠ ᠶᠢ ᠳᠠᠭᠠᠵᠤ
ᠭᠠᠵᠠᠷ ᠣᠰᠤᠨ ᠳᠤ ᠪᠠᠨ ᠬᠠᠢ᠌ᠷ᠎ᠠ ᠪᠠᠨ ᠶᠡᠭᠦᠳᠭᠡᠵᠤ᠂
ᠰᠦᠮᠢ᠌ᠨ ᠰᠡᠭᠦᠢᠭᠦ ᠠᠭᠤᠯᠠᠰ ᠤᠨ ᠣᠷᠤᠢ ᠪᠠᠷ
ᠴᠢᠭᠢᠭ᠌ ᠤᠨ ᠣᠨᠢᠶᠠᠷ ᠶᠢᠡᠨ ᠥᠭ᠍ᠴᠤ᠂
ᠣᠰᠤᠨ ᠤ ᠡᠭᠡᠰᠢᠭ᠌ ᠶᠢᠡᠨ ᠭᠦᠭ᠍ᠵᠢᠮᠳᠡᠵᠤ᠂
ᠭᠡᠷ ᠤᠨ ᠳᠡᠷᠭᠡᠳᠡᠭᠦᠷ ᠨᠠᠮ ᠵᠢᠮ ᠢ ᠡᠪᠳᠡᠵᠤ
ᠠᠶᠠᠨ ᠤ ᠨᠡᠭᠦᠳᠡᠯ ᠶᠢᠡᠨ ᠦᠷᠭᠦᠯᠵᠢᠯᠡᠭᠦᠯᠤᠨᠡ᠃
ᠱᠤᠤᠭᠢᠨ ᠱᠤᠤᠭᠢᠬᠤ ᠳᠠᠨ ᠤ ᠪᠠᠨ ᠴᠢᠮᠡᠭᠡ ᠪᠠᠷ
ᠴᠠᠩᠭ᠋ᠠ ᠪᠠᠨ ᠳᠠᠢ᠌ᠯᠠᠬᠤ ᠠᠷᠢᠶᠠᠳᠠᠤᠨ ᠰᠦᠷᠦᠭᠯᠡᠨ
ᠳᠡᠷᠭᠡᠳᠡ ᠴᠢᠨᠢ ᠪᠠᠶᠠᠰᠴᠤ ᠮᠡᠯᠡᠭᠡᠢ ᠭᠤᠸᠭᠯᠠᠨᠠ᠃
ᠳᠡᠷᠭᠡᠳᠡᠭᠦᠷ ᠥᠩᠭᠡᠷᠡᠭᠦ ᠠᠶᠠᠨ ᠤ ᠴᠤᠪᠣᠭ᠎ᠠ
ᠳᠤᠯᠭ᠎ᠠ ᠪᠠᠨ ᠳᠠᠳᠠᠨ ᠣᠴᠤᠭᠯᠠᠬᠤ ᠳ᠋ᠤ
ᠳᠠᠮᠢᠷ ᠢ ᠳᠠ ᠨᠥᠭᠦᠵᠤ
ᠨᠠᠷᠠ ᠲᠡᠶ ᠬᠠᠮᠳᠤ ᠵᠢᠷᠭᠠᠨ᠎ᠠ᠃
ᠨᠡᠭᠦᠳᠡᠯ ᠤᠨ ᠰᠢᠪᠠᠭᠤᠳ ᠭᠡᠯᠭᠢᠶ᠎ᠡ ᠳᠠᠰᠤᠷᠠᠬᠤ ᠳ᠋ᠤ
ᠣᠰᠤᠨ ᠤ ᠴᠢᠮᠡᠭᠡ ᠡᠴᠡ ᠳᠠᠭᠤᠨ ᠳᠠᠭᠤᠨ ᠶᠢᠡᠨ ᠠᠪᠣᠯᠴᠠᠵᠤ᠂
ᠬᠤᠷᠸ᠎ᠠ ᠡᠮᠵᠡᠭ᠍ᠭᠡᠨ ᠵᠢᠷᠭᠠᠨ᠎ᠠ᠃
ᠣᠷᠤᠰᠤᠨ ᠥᠩᠭᠡᠷᠡᠭᠦ ᠣᠰᠤᠨ ᠤ ᠠᠶᠠᠯᠠᠭᠤ
ᠵᠢᠷᠦᠭᠡ ᠰᠡᠳᠭᠢᠯ ᠤᠨ ᠳᠤᠯᠳᠤ᠃
ᠨᠥᠮᠵᠦᠭ᠍ᠭᠡᠨ ᠬᠠᠢ᠌ᠷ᠎ᠠ ᠶᠢᠨ ᠳᠠᠭᠤᠨ ᠤ
ᠠᠶᠠᠯᠠᠭᠤᠨ ᠴᠠᠭᠠᠨ ᠡᠭᠡᠰᠢᠭ᠌ ᠪᠢᠯᠠ᠃
ᠵᠤᠬᠢᠶᠠᠭᠴᠢ ᠶᠢᠨ ᠬᠠᠶᠢᠭ ᠄ ᠠᠷᠤ ᠬᠤᠷᠴᠢᠨ ᠬᠤᠰᠢᠭᠤᠨ ᠤ ᠪᠠᠶᠠᠠ᠊ᠦ᠋ᠠᠳᠤᠷ ᠶᠡᠷᠦᠩᠭᠡᠢ ᠰᠤᠷᠭᠠᠭᠤᠯᠢ
ᠵᠤᠬᠢᠶᠠᠭᠴᠢ᠄ ᠷᠠ᠊·ᠥᠯᠵᠡᠢ᠌ᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12354
ᠴᠠᠭ᠄ 2011 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ