☆ ᠪᠣᠷᠵᠢᠭᠢᠨ·ᠮᠥᠩᠭᠡᠤ᠋ᠳᠽᠡᠷ
ᠬᠠᠳᠠᠭᠤ ᠡᠷᠡᠤ
ᠰᠢᠷᠤᠢ ᠮᠠᠯᠳᠠᠬᠤ ᠮᠠᠰᠢᠨ ᠢ ᠥᠵᠡᠭᠡᠳ ᠰᠡᠳᠭᠢᠭ᠍ᠳᠡᠭ᠍ᠰᠡᠨ ᠨᠢ
ᠠᠨᠠᠰᠢ ᠠᠳᠠᠯᠢ ᠣᠷᠳᠤ ᠭᠦᠵᠦᠭᠦᠤ ᠲᠡᠶ
ᠠᠳᠤᠭᠠᠷ ᠮᠠᠩᠭ᠋ᠤᠰ ᠰᠢᠭ ᠬᠤᠷᠴᠠ ᠰᠤᠶᠤᠭ᠎ᠠ ᠲᠡᠶ
ᠶᠠᠳᠠᠬᠤ ᠶᠢ ᠮᠡᠳᠡᠭᠦ ᠦᠭᠡᠶ ᠬᠠᠳᠠᠭᠤ ᠡᠷᠡᠤ ᠲᠡᠶ
ᠴᠠᠳᠬᠤ ᠶᠢ ᠮᠡᠳᠡᠭᠦ ᠦᠭᠡᠶ ᠦᠯᠦᠨ ᠬᠤᠳᠤᠭᠤᠳᠤ ᠲᠡᠶ
ᠦᠨᠳᠦᠷ ᠠᠭᠤᠯᠠᠰ ᠢ ᠴᠢᠯᠠᠭᠤ ᠮᠤᠳᠤ ᠲᠡᠶ ᠨᠢ
ᠡᠮᠭᠦᠵᠤ ᠠᠪᠣᠭᠠᠤᠨ ᠵᠠᠯᠭᠢᠵᠤ ᠣᠷᠤᠭᠤᠯᠳᠠᠭ
ᠦᠷᠭᠡᠨ ᠳᠠᠯ᠎ᠠ ᠶᠢ ᠡᠪᠠᠰᠤ ᠪᠠᠯᠴᠢᠭᠡᠷ ᠲᠡᠶ ᠨᠢ
ᠡᠷᠭᠢᠭᠦᠯᠵᠤ ᠠᠪᠣᠭᠠᠤᠨ ᠵᠠᠵᠢᠯᠠᠵᠤ ᠬᠠᠶᠠᠳᠠᠭ
ᠲ᠋ᠤᠪᠣ ᠳᠤᠯᠤᠭᠤᠳ ᠢ ᠦᠵᠡᠵᠤ ᠪᠠᠢ᠌ᠳᠠᠯ᠎ᠠ
ᠳᠤᠷᠤᠭᠰᠢ ᠪᠠᠨ ᠮᠠᠯᠳᠠᠭᠠᠤᠨ ᠨᠥᠭᠡᠯᠡᠵᠤ ᠳᠠᠯᠪᠢᠳᠠᠭ
ᠳᠤᠷᠭᠠᠨ ᠳᠠᠯ᠎ᠠ ᠶᠢ ᠬᠠᠷᠠᠵᠤ ᠪᠠᠢ᠌ᠳᠠᠯ᠎ᠠ
ᠳᠠᠮᠳᠤᠭ ᠪᠣᠯᠳᠠᠯ᠎ᠠ ᠣᠷᠠᠵᠤ ᠰᠡᠭ᠍ᠴᠢᠳᠡᠭ᠌
ᠬᠤᠳᠠ ᠭᠠᠵᠠᠷ ᠤᠨ ᠪᠠᠷᠢᠯᠭ᠎ᠠ ᠳᠤ ᠪᠣᠯ
ᠬᠤᠪᠣᠷ ᠴᠤᠬᠠᠭ ᠡᠳ᠋ ᠶᠤᠮ ᠪᠠᠢ᠌ᠨ᠎ᠠ
ᠬᠤᠷᠭᠤᠢ ᠨᠤᠭᠤᠭᠠᠨ ᠳᠠᠯ᠎ᠠ ᠳᠤ ᠮᠢᠨᠢ ᠪᠣᠯ
ᠬᠤᠭ ᠳᠤᠭᠤᠰᠤᠨ ᠤ ᠣᠭᠤᠳᠠ ᠶᠤᠮ ᠪᠠᠢ᠌ᠨ᠎ᠠ
ᠲ᠋ᠤᠮᠤ ᠬᠤᠳᠠ ᠶᠢᠨ ᠪᠠᠷᠢᠯᠭ᠎ᠠ ᠳᠤ ᠪᠣᠯ
ᠳᠤᠷᠪᠢ ᠭᠦᠴᠤᠨ ᠲᠡᠶ ᠡᠳ᠋ ᠭᠡᠵᠤ ᠮᠠᠳᠠ
ᠳᠤᠷᠭᠠᠨ ᠨᠤᠭᠤᠭᠠᠨ ᠳᠠᠯ᠎ᠠ ᠳᠤ ᠮᠢᠨᠢ ᠪᠣᠯ
ᠳᠤᠯᠤᠮ ᠳᠤ ᠴᠢᠭᠢᠭ᠍ᠰᠡᠨ ᠡᠯᠡᠰᠤ ᠭᠡᠵᠢ ᠮᠠᠳᠠ
ᠲ᠋ᠤᠷᠭᠤᠭᠤᠯᠢ ᠬᠤᠷᠢᠭᠤᠯ ᠦᠭᠡᠶ ᠡᠨᠡ ᠭᠠᠢ᠌ᠬᠠᠯ ᠳᠤ
ᠳᠤᠰᠤ ᠦᠭᠭᠦ ᠦᠭᠡᠶ ᠪᠣᠯ ᠶᠠᠭᠠᠭᠢᠳᠠᠭ ᠪᠣᠯ ᠳ᠋ᠠ ⁉
ᠳᠤᠯᠤᠭᠠᠢ ᠭᠤᠳᠣᠢ᠌ᠭᠠᠤᠨ ᠪᠦᠭᠦᠢᠳᠡᠭ᠌ ᠪᠠᠢ᠌ᠬ᠎ᠠ︕
ᠳᠤᠭᠤᠰᠤᠨ ᠳᠤ ᠳᠠᠷᠤᠭᠳᠠᠭᠠᠤᠨ ᠵᠢᠪᠠᠷᠡᠳᠡᠭ᠌ ᠪᠠᠢ᠌ᠬ᠎ᠠ︕
ᠬᠠᠳᠠᠭᠤ ᠡᠷᠡᠤ ᠨᠢ ᠰᠢᠳᠤ ᠲᠡᠶ ᠪᠠᠨ ᠬᠠᠮᠳᠤ
ᠬᠠᠷᠠᠯᠠᠵᠤ ᠵᠢᠪᠠᠷᠡᠭᠡᠳ ᠣᠨᠠᠬᠤ ᠪᠢᠵᠠ ᠳ᠋ᠠ ︕
ᠬᠠᠶᠠᠭᠳᠠᠯ ᠪᠣᠯᠵᠤ ᠡᠨᠡ ᠨᠤᠳᠤᠭ ᠡᠴᠡ
ᠬᠠᠷ᠎ᠠ ᠳᠠᠮᠤᠷ ᠶᠢᠡᠷ ᠬᠤᠳᠠᠯᠳᠤᠭᠳᠠᠬᠤ ᠪᠢᠵᠠ ᠳ᠋ᠠ︕
ᠵᠤᠬᠢᠶᠠᠭᠴᠢ ᠶᠢᠨ ᠬᠠᠶᠢᠭ ᠄ ᠪᠠᠭᠡᠵᠢᠩ ᠤᠨ ᠨᠠᠢ᠌ᠷᠠᠯᠳᠤ ᠨᠠᠢ᠌ᠷᠠᠮᠳᠠᠬᠤ ᠰᠦᠮ᠎ᠡ ᠶᠢᠨ 12 ᠨᠤᠮᠸᠷ
ᠵᠤᠬᠢᠶᠠᠭᠴᠢ᠄ ᠪᠣᠷᠵᠢᠭᠢᠨ·ᠮᠥᠩᠭᠡᠤ᠋ᠳᠽᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2897
ᠴᠠᠭ᠄ 2010 ᠤᠨ ᠤ 03 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ