☆ ᠪᠠᠯᠴᠢᠷᠤᠳ ᠡᠷᠭᠢᠮᠪᠠᠶᠡᠷ
ᠡᠵᠢ ᠡ᠂ ᠳᠠᠨ ᠳᠠᠭᠠᠨ ᠭᠡᠯᠡᠶ᠎ᠡ
ᠡᠭᠡ ᠳᠡᠯᠡᠭᠡᠢ ᠶᠢᠨ ᠭᠦᠮᠤᠨ ᠪᠦᠭᠦᠨ ᠡᠵᠢ ᠶᠢᠨ ᠶᠢᠡᠨ ᠡᠮᠦᠨ᠎ᠡ ᠦᠨᠡᠠᠴᠢ ᠪᠠᠢ᠌ᠬᠤ ᠶᠢ ᠭᠦᠰᠡᠨᠡᠮ︕
ᠡᠵᠢ ᠡ᠂ ᠳᠠᠨ ᠳᠠᠭᠠᠨ ᠭᠡᠯᠡᠶ᠎ᠡ᠄
ᠭᠦᠤ ᠴᠢᠨᠢ ᠪᠢ ᠭᠦᠮᠤᠨ ᠪᠣᠯᠤᠭᠰᠠᠨ ᠡ
ᠭᠦᠭᠡᠷᠦᠤ ᠳᠠᠩᠭᠢᠯ ᠨᠠᠰᠤ ᠪᠠᠨ ᠭᠡᠭᠡᠭ᠍ᠰᠡᠨ︕
ᠭᠦᠷᠪᠠᠵᠤ ᠮᠥᠯᠭᠦᠵᠤ ᠨᠢᠯᠠᠭᠳᠠᠬᠤ ᠪᠠᠨ ᠪᠣᠯᠢᠭᠰᠠᠨ︕
ᠭᠦᠮᠤᠨ ᠤ ᠳᠠᠢ᠌ᠳᠠᠢ ᠭᠦᠮᠤᠨ ᠪᠣᠯᠤᠭᠰᠠᠨ ᠡ︕
ᠡᠵᠢ ᠡ᠂ ᠳᠠᠨ ᠳᠠᠭᠠᠨ ᠭᠡᠯᠡᠶ᠎ᠡ᠄
ᠣᠭᠢᠯᠠᠬᠤ ᠡᠴᠡ ᠪᠠᠨ ᠪᠢ ᠢᠴᠢᠳᠡᠭ᠌ ᠪᠣᠯᠤᠭᠰᠠᠨ
ᠣᠯᠠᠮ ᠪᠦᠷ ᠴᠢᠩᠭ᠋ᠠᠷᠠᠵᠤ ᠪᠣᠢ᠌ᠵᠢᠭᠰᠠᠨ︕
ᠣᠠᠳᠤᠤ ᠭᠦᠮᠤᠨ ᠢ ᠣᠢ᠌ᠯᠠᠭᠠᠳᠠᠭ ᠪᠣᠯᠤᠭᠰᠠᠨ
ᠣᠳᠤ ᠪᠢ ᠭᠦᠮᠤᠨ ᠪᠣᠯᠤᠭᠰᠠᠨ ᠡ︕
ᠡᠵᠢ ᠡ᠂ ᠳᠠᠨ ᠳᠠᠭᠠᠨ ᠭᠡᠯᠡᠶ᠎ᠡ᠄
ᠣᠴᠢᠷ ᠶᠤᠰᠤᠨ ᠢ ᠪᠢ ᠣᠬᠠᠳᠠᠭ ᠪᠣᠯᠤᠭᠰᠠᠨ
ᠣᠤᠯ ᠤᠨ ᠭᠢ ᠰᠢᠭ᠌ ᠶᠢᠡᠨ ᠳᠡᠮᠡᠢ᠌ᠷᠡᠭᠦ ᠪᠠᠨ ᠪᠠᠢ᠌ᠭᠰᠠᠨ
ᠣᠷᠭᠤᠬᠤ ᠨᠠᠷᠠᠨ ᠲᠡᠶ ᠣᠷᠤᠯᠳᠤᠳᠠᠭ ᠪᠣᠯᠤᠭᠰᠠᠨ
ᠣᠬᠠᠭᠠᠨ ᠰᠠᠭᠤᠵᠤ ᠭᠦᠮᠤᠨ ᠪᠣᠯᠤᠭᠰᠠᠨ ᠡ︕
ᠡᠵᠢ ᠡ᠂ ᠳᠠᠨ ᠳᠠᠭᠠᠨ ᠭᠡᠯᠡᠶ᠎ᠡ᠄
ᠭᠦᠰᠡᠯ ᠳᠠᠮᠠᠤᠯᠠᠯ ᠲᠡᠶ ᠭᠦᠮᠤᠨ ᠪᠣᠯᠤᠭᠰᠠᠨ ᠡ ᠪᠢ︕
ᠭᠦᠷᠭᠦ ᠢᠷᠡᠭᠡᠳᠦᠢ ᠪᠠᠨ ᠭᠦᠰᠡᠨ ᠪᠠᠷᠠᠯᠠᠳᠠᠭ ᠪᠣᠯᠤᠭᠰᠠᠨ︕
ᠭᠦᠮᠤᠨ ᠤ ᠵᠡᠷᠭᠡ ᠡᠳᠦᠢ ᠪᠣᠯᠤᠭᠰᠠᠨ ᠶᠢᠡᠨ ᠰᠠᠨᠠᠬᠤ ᠳᠤ
ᠭᠦᠭᠡᠷᠦᠭᠦᠢ ᠳᠠᠨ ᠢ ᠪᠠᠨ ᠣᠯᠠᠮ ᠪᠦᠷ ᠬᠠᠢ᠌ᠷᠠᠯᠠᠳᠠᠭ ᠪᠣᠯᠤᠭᠰᠠᠨ ᠡ︕
ᠡᠵᠢ ᠡ᠂ ᠳᠠᠨ ᠳᠠᠭᠠᠨ ᠭᠡᠯᠡᠶ᠎ᠡ᠄
ᠦᠨᠳᠦᠰᠦᠳᠠᠨ ᠶᠢᠡᠨ ᠪᠢ ᠬᠠᠢ᠌ᠷᠠᠯᠠᠳᠠᠭ ᠰᠢᠤ ᠳ᠋ᠠ︕
ᠦᠪᠡᠷ ᠲᠡᠶ ᠴᠢᠨᠢ ᠠᠳᠠᠯᠢᠬᠠᠨ ᠳᠡᠭᠡᠳᠦᠯᠡᠳᠡᠭ᠌ ᠰᠢᠤ ᠳ᠋ᠠ︕
ᠦᠪ ᠰᠤᠶᠤᠯ ᠤᠨ ᠶᠢᠡᠨ ᠳᠠᠯᠠᠢ ᠪᠠᠶᠠᠨ ᠳ᠋ᠤᠨᠢ ᠱᠤᠩᠪᠠᠵᠤ
ᠦᠪᠯᠠᠨ ᠵᠠᠯᠭᠠᠮᠵᠢᠯᠠᠬᠤ ᠢᠳᠡᠭᠡᠯ ᠵᠤᠷᠢᠭ ᠶᠢᠡᠨ ᠭᠦᠪᠴᠢᠯᠡᠨ᠎ᠡ ᠡ︕
ᠡᠵᠢ ᠡ᠂ ᠳᠠ ᠮᠠᠳᠠᠨ᠎ᠠ ᠦᠦ︖
ᠨᠢᠷᠤᠭᠤ ᠳᠠᠨᠢ ᠨᠢᠭᠡᠨᠲᠡ ᠪᠦᠭ᠍ᠳᠥᠢᠵᠡᠢ
ᠨᠢᠭᠤᠷ ᠳᠠᠨᠢ ᠨᠢᠭᠡᠨᠲᠡ ᠦᠷᠴᠢᠵᠠᠢ
ᠡᠨᠡᠭᠡᠨ ᠬᠤᠷᠸ᠎ᠠ ᠶᠢᠨ ᠵᠢᠮ᠎ᠡ ᠶᠤᠰᠤᠨ ᠢ ᠳᠠᠭᠠᠵᠤ
ᠡᠨᠡᠷᠢᠯᠳᠡᠢ᠌ᠭᠡᠨ ᠳᠠ ᠮᠢᠨᠢ ᠳᠠᠩᠴᠤ ᠶᠡᠭᠡ ᠥᠳᠡᠯᠴᠢᠭᠡᠵᠡᠢ︕
ᠡᠵᠢ ᠡ᠂ ᠳᠠᠨ ᠳᠠᠭᠠᠨ ᠭᠡᠯᠡᠶ᠎ᠡ᠄
ᠡᠯᠪᠠᠷᠢᠯ ᠪᠠᠭ᠎ᠠ ᠭᠦᠤ ᠴᠢᠨᠢ ᠪᠢ ᠴᠡᠴᠡᠭ᠌ ᠤᠨ ᠪᠠᠭᠯᠠᠭ᠎ᠠ ᠲᠡᠶ ᠭᠦᠷᠴᠤ ᠣᠴᠢᠨ᠎ᠠ
ᠡᠨᠡᠷᠢᠯ ᠤᠨ ᠳᠡᠭ᠍ᠷᠢ ᠳᠠᠨ ᠤ ᠪᠠᠨ ᠴᠡᠭᠡᠵᠢᠨ ᠳ᠋ᠤ ᠪᠠᠭᠳᠠᠨ ᠡᠷᠭᠡᠯᠡᠨ᠎ᠡ ᠡ︕
ᠡᠷᠳᠡᠮ ᠰᠤᠶᠤᠯ ᠤᠨ ᠠᠴᠢᠶ᠎ᠠ ᠲᠡᠶ ᠭᠦᠡᠳᠦᠳᠭᠡᠨ ᠭᠦᠷᠴᠤ ᠣᠴᠢᠨ᠎ᠠ ᠡ︕
ᠡᠭᠡ ᠮᠢᠨᠢ ᠳᠠ ᠳᠡᠭᠡᠭᠡᠳ ᠮᠠᠩᠨᠠᠢ ᠳᠡᠨᠡᠢ᠌ᠯᠭᠡᠨ ᠪᠠᠶᠠᠷᠯᠠᠨ᠎ᠠ ᠡ︕
ᠡᠵᠢ ᠡ᠂ ᠳᠠᠨ ᠳᠠᠭᠠᠨ ᠭᠤᠶᠤᠶ᠎ᠠ᠄
ᠦᠨᠳᠦᠷ ᠨᠠᠰᠤ ᠶᠢ ᠡᠳ᠋ᠯᠡᠨ ᠵᠢᠷᠭᠠᠭᠠᠷᠠᠢ
ᠦᠷ᠎ᠡ ᠶᠢᠨ ᠶᠢᠡᠨ ᠰᠠᠢ᠌ᠨ ᠢ ᠦᠵᠡᠨ ᠪᠠᠶᠠᠰᠤᠭᠠᠷᠠᠢ︕
ᠡᠭᠦᠷᠢᠳᠡ ᠪᠢᠳᠡᠭᠡᠢ ᠬᠤᠯᠠᠳᠠᠭᠠᠷᠠᠢ᠂ ᠨᠠᠳᠠ ᠡᠴᠡ ᠪᠠᠨ
ᠦᠨᠢᠳᠠ ᠪᠢ ᠳᠠᠨ ᠳᠠᠭᠠᠨ ᠬᠠᠢ᠌ᠷᠠᠳᠠᠢ︕
ᠡᠵᠢ ᠡ᠂ ᠳᠠᠨ ᠳᠠᠭᠠᠨ ᠭᠡᠯᠡᠶ᠎ᠡ᠄
ᠭᠦᠤ ᠴᠢᠨᠢ ᠪᠢ ᠭᠦᠮᠤᠨ ᠪᠣᠯᠤᠭᠰᠠᠨ ᠡ᠂
ᠭᠦᠭᠡᠷᠦᠤ ᠳᠠᠩᠭᠢᠯ ᠨᠠᠰᠤ ᠪᠠᠨ ᠭᠡᠭᠡᠭ᠍ᠰᠡᠨ
ᠭᠦᠷᠪᠠᠵᠤ ᠮᠥᠯᠭᠦᠵᠤ ᠨᠢᠯᠬᠠᠷᠠᠬᠤ ᠪᠠᠨ ᠪᠣᠯᠢᠭᠰᠠᠨ
ᠭᠦᠮᠤᠨ ᠤᠨ ᠳᠠᠢ᠌ᠳᠠᠢ ᠭᠦᠮᠦᠮ ᠪᠣᠯᠤᠭᠰᠠᠨ ᠡ︕
ᠵᠤᠬᠢᠶᠠᠭᠴᠢ᠄ ᠪᠠᠯᠴᠢᠷᠤᠳ ᠡᠷᠭᠢᠮᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3608
ᠴᠠᠭ᠄ 2009 ᠤᠨ ᠤ 05 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ