☆ ᠰ·ᠠᠭᠤᠯᠠ
ᠵᠠᠯᠠᠭᠤ ᠨᠠᠰᠤᠨ ᠤ ᠵᠡᠭᠦᠳᠤ
ᠵᠠᠯᠠᠭᠤ ᠨᠠᠰᠤᠨ ᠤ ᠵᠡᠭᠦᠳᠤ
ᠵᠠᠷᠢᠮ ᠳᠠᠭᠠᠨ
ᠵᠠᠮᠠᠭ ᠲᠤ ᠣᠷᠢᠶᠠᠭᠳᠠᠭᠰᠠᠨ ᠣᠰᠤᠴᠢᠨ ᠰᠢᠭ
ᠵᠠᠭᠤᠷᠮᠠᠭ ᠨᠠᠰᠤᠯᠠᠬᠤ ᠴᠤ ᠮᠠᠭᠠᠤᠨ᠂
ᠭᠡᠳᠡᠯ᠎ᠡ
ᠵᠠᠭᠤᠷᠮᠠᠭ ᠨᠠᠰᠤᠯᠠᠮᠠ ᠵᠡᠭᠦᠳᠤᠨ ᠳᠤ
ᠵᠠᠭᠤᠨ ᠤ ᠳᠠᠪᠢ ᠶᠢᠨ ᠡᠷᠡᠮᠡᠯᠵᠡᠯ ᠪᠠᠢ᠌ᠳᠠᠭ ᠪᠣᠯ
ᠵᠠᠯᠭᠠᠵᠤ ᠳᠡᠮᠡᠴᠡᠭᠦ ᠪᠠᠨ ᠶᠠᠭᠠᠭᠢᠯ᠎ᠠ ︕
ᠠᠠᠳᠠ ᠮᠢᠨᠢ ︕
ᠬᠠᠢ᠌ᠷᠠᠬᠠᠨ ᠨᠠᠰᠤᠨ ᠤ ᠵᠡᠭᠦᠳᠤ
ᠬᠠᠶᠠ ᠳᠠᠭᠠᠨ
ᠬᠠᠯᠠᠭᠤᠨ ᠨᠠᠷᠠᠨ ᠳᠤ ᠨᠠᠷᠠᠰᠢᠭᠰᠠᠨ ᠠᠶᠠᠠᠴᠢᠨ ᠰᠢᠭ
ᠬᠠᠷᠠᠩᠭ᠋ᠤᠰᠤᠨ ᠣᠨᠠᠬᠤ ᠮᠠᠭᠠᠤᠨ᠂
ᠬᠠᠷᠢᠨ ᠳᠠ
ᠬᠠᠷᠠᠩᠭ᠋ᠤᠰᠤᠨ ᠣᠨᠠᠭᠰᠠᠨ ᠵᠡᠭᠦᠳᠤᠨ ᠡᠴᠡ ᠪᠠᠨ
ᠬᠠᠯᠳᠤᠬᠠᠨ ᠰᠡᠷᠢᠭᠦ ᠪᠣᠯᠤᠯᠴᠠᠭ᠎ᠠ ᠪᠠᠢ᠌ᠳᠠᠭ ᠪᠣᠯ
ᠬᠠᠯᠠᠰᠢᠷᠠᠯ ᠦᠭᠡᠶ ᠵᠢᠦᠡᠭᠦᠭᠦ ᠪᠠᠨ ᠭᠡᠷᠭᠢᠯᠡ ︕
ᠨᠠᠢ᠌ᠵᠠ ᠮᠢᠨᠢ ︕
ᠣᠩᠭ᠋ᠤᠨ ᠵᠠᠯᠠᠭᠤ ᠨᠠᠰᠤᠨ ᠤ
ᠣᠯᠠᠨ ᠣᠠᠯᠠ ᠵᠡᠭᠦᠳᠤ ᠊᠊᠊᠊᠊᠊᠊᠊᠊᠊᠊᠊᠊᠊᠊ ᠭᠦᠰᠡᠯ
ᠣᠬᠠᠭᠠᠷᠠᠬᠤ ᠰᠠᠷᠠᠯ ᠤᠨ ᠰᠤᠭᠤᠨᠠᠭ ᠰᠤᠪᠣᠷᠠᠭᠤᠯᠤᠨ
ᠣᠴᠠᠷᠠᠯ ᠳᠤ ᠳᠦᠰᠢᠭᠦ ᠦᠭᠡᠶ ᠦᠨᠳᠠᠢ᠌ᠵᠤ ᠪᠣᠰᠤᠨ᠎ᠠ᠂
ᠣᠷᠢ ᠬᠠᠩᠭ᠋ᠠᠯ ᠵᠤᠷᠢᠭ ᠡᠪᠦᠷᠯᠡᠨ
ᠣᠶᠠᠭᠠᠨ ᠳᠤ ᠪᠠᠷᠢᠭᠳᠠᠬᠤ ᠦᠭᠡᠶ ᠦᠣᠷᠰᠠᠵᠤ ᠴᠤᠪᠬᠤᠴᠠᠨᠠ
ᠣᠴᠢ ᠪᠠᠳᠠᠷᠠᠭᠰᠠᠨ ᠴᠤᠭ ᠵᠤᠯᠢ ᠪᠠᠷ
ᠣᠷᠮᠠᠰᠢᠯ ᠳᠤ ᠮᠠᠩᠰᠢᠭᠤᠷᠠᠯ ᠦᠭᠡᠶ ᠳᠠᠭᠠᠷᠢᠵᠤ ᠳᠠᠪᠭᠢᠨ᠎ᠠ ︕
ᠵᠡᠭᠦᠳᠤ ᠣᠯᠠᠨ ᠲᠡᠶ ᠵᠠᠯᠠᠭᠤ ᠨᠠᠰᠤᠨ ᠳᠠᠭᠠᠨ
ᠵᠢᠦᠡᠭᠦᠯ ᠶᠢᠡᠷ ᠮᠥᠩᠭᠡᠷᠡᠭᠦ ᠵᠡᠭᠦᠳᠤ ᠮᠠᠨᠠᠨ
ᠵᠢᠷᠦᠭᠡ ᠪᠠᠷ ᠶᠢᠡᠨ ᠣᠨᠠᠭᠰᠠᠨ ᠡᠭᠡ ᠣᠷᠤᠨ ᠳᠠᠭᠠᠨ
ᠵᠢᠩᠭᠢᠨᠢ ᠬᠠᠢ᠌ᠷ᠎ᠠ ᠲᠡᠶ ᠪᠠᠨ ᠪᠦᠳᠦᠭᠡᠯ ᠶᠢᠡᠨ ᠡᠷᠭᠦᠶ᠎ᠡ᠃
ᠭᠦᠰᠡᠯ ᠶᠡᠭᠡᠳᠡᠢ ᠵᠠᠯᠠᠭᠤ ᠨᠠᠰᠤᠨ ᠳᠠᠭᠠᠨ
ᠭᠦᠮᠦᠵᠢᠯ ᠶᠢᠡᠷ ᠰᠢᠯᠢᠳᠡᠭ᠍ᠵᠢᠭᠦ ᠭᠦᠰᠡᠯ ᠡᠪᠦᠷᠯᠡᠨ
ᠭᠦᠮᠤᠨ ᠡᠴᠡ ᠬᠠᠷᠠᠮᠨᠠᠳᠠᠭ ᠬᠠᠢ᠌ᠷᠠᠬᠠᠨ ᠣᠷᠤᠨ ᠳᠠᠭᠠᠨ
ᠭᠦᠯᠦᠰᠤ ᠴᠢᠰᠤ ᠪᠠᠷ ᠶᠢᠡᠨ ᠠᠮᠵᠢᠯᠳᠠ ᠪᠠᠨ ᠳᠡᠪᠰᠢᠭᠦᠯᠦᠶ᠎ᠡ ︕
ᠵᠤᠬᠢᠶᠠᠭᠴᠢ ᠶᠢᠨ ᠬᠠᠶᠢᠭ ᠄ ᠨᠢ᠋ᠮᠠᠨ ᠬᠤᠰᠢᠭᠤᠨ ᠤ ᠣᠰᠤᠨ ᠤ ᠶᠠᠪᠣᠳᠠᠯ ᠤᠨ ᠳᠤᠪᠴᠢᠶ᠎ᠠ
ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 01 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ