☆ ᠯ·ᠣᠳᠤᠨ
ᠳᠡᠭ᠍ᠷᠢᠯᠢᠭ᠌ ᠰᠤᠶᠤᠯ ᠤᠨ ᠭᠠᠢ᠌ᠬᠠᠮᠰᠢᠭ
᠊᠊᠊᠊᠊᠊᠊᠊᠊᠊᠊᠊᠊᠊᠊ ᠬᠦᠬᠡᠨᠠᠭᠤᠷ ᠮᠤᠵᠢ ᠶᠢᠨ ᠣᠯᠠᠭᠠᠨ ᠰᠢᠶᠠᠨ ᠤ 《ᠠᠯᠳᠠᠠᠪᠣᠯᠠᠭ》 ᠦᠨᠳᠦᠰᠦᠳᠠᠨ ᠤ ᠣᠷᠠᠯᠢᠭ ᠤᠨ ᠪᠦᠯᠭᠦᠮ ᠤᠨ ᠳᠤᠭᠯᠠᠯᠳᠠ ᠶᠢ ᠰᠤᠨᠢᠷᠬᠠᠭᠠᠤᠨ
ᠨᠠᠮᠢᠷᠠᠭ᠎ᠠ ᠵᠥᠭᠡᠯᠡᠨ ᠬᠤᠷ᠎ᠠ ᠲᠡᠶ ᠨᠠᠮᠤᠭᠤᠬᠠᠨ ᠦᠳᠡᠰᠢ᠂ ᠣᠯᠠᠭᠠᠨ ᠰᠢᠶᠠᠨ ᠤ ᠺᠢᠨᠤ᠋ ᠵᠥᠴᠦᠭᠡ ᠶᠢᠨ ᠣᠷᠳᠤᠨ ᠳᠤ 《ᠠᠯᠳᠠᠠᠪᠣᠯᠠᠭ》 ᠦᠨᠳᠦᠰᠦᠳᠠᠨ ᠤ ᠣᠷᠠᠯᠢᠭ ᠤᠨ ᠪᠦᠯᠭᠦᠮ ᠤᠨ ᠠᠩᠬᠠᠨ ᠤ ᠳᠤᠭᠯᠠᠯᠳᠠ ᠶᠢ ᠰᠤᠨᠢᠷᠬᠠᠨ ᠰᠠᠭᠤᠬᠤ ᠳᠤ ᠠᠮᠤᠭᠤᠯᠠᠩ ᠰᠦᠨᠢ ᠶᠢᠨ ᠠᠭᠠᠷ ᠳᠦᠭᠦᠷᠭᠡᠨ ᠬᠠᠩᠭᠢᠨᠠᠬᠤ ᠳᠡᠭ᠍ᠷᠢᠯᠢᠭ᠌ ᠰᠤᠶᠤᠯ ᠤᠨ ᠭᠠᠢ᠌ᠬᠠᠮᠰᠢᠭ ᠲᠤ ᠰᠡᠳᠭᠢᠯ ᠣᠶᠠᠷᠠᠨ ᠳᠤᠭᠳᠤᠯᠵᠤ᠂ ᠭᠦᠨᠡᠢ᠌ᠷᠭᠡᠵᠤ ᠴᠢᠳᠠᠬᠤ ᠦᠭᠡᠶ ᠮᠤᠩᠭ᠋ᠤᠯ ᠢᠵᠠᠭᠤᠷ ᠣᠷᠠᠯᠢᠭ ᠤᠨ ᠬᠠᠷ᠎ᠠ ᠠᠷᠢᠭᠢᠨ ᠳᠤ ᠦᠪᠡᠷ ᠤᠨ ᠡᠷᠭᠡ ᠦᠭᠡᠶ ᠮᠠᠨᠠᠷᠠᠳᠠᠯ᠎ᠠ ᠰᠤᠭᠳᠤᠵᠤ ᠪᠢᠯᠠ︕
ᠣᠬᠤᠷᠬᠠᠨ ᠴᠠᠭ ᠤᠨ ᠳᠤᠳᠤᠷ᠎ᠠ ᠥᠵᠡᠭ᠍ᠴᠢᠳ ᠣᠯᠠᠨ ᠤ ᠪᠠᠨ ᠰᠡᠳᠭᠢᠯ ᠳᠤ ᠭᠦᠷᠭᠦ ᠰᠠᠢ᠌ᠬᠠᠨ ᠳᠤᠭᠯᠠᠯᠳᠠ ᠶᠢ ᠵᠤᠬᠢᠶᠠᠨ ᠪᠣᠯᠪᠠᠰᠤᠷᠠᠵᠤ ᠴᠢᠳᠠᠭᠰᠠᠨ ᠨᠢ ᠥᠨᠡᠭᠡᠷ ᠠᠮᠠᠷ ᠦᠭᠡᠶ᠃ ᠡᠭᠦᠨ ᠳᠤ ᠣᠯᠠᠨ ᠣᠯᠠᠨ ᠭᠦᠮᠦᠰ ᠤᠨ ᠣᠷ᠎ᠠ ᠣᠬᠠᠭᠠᠨ᠂ ᠭᠦᠴᠤ ᠭᠦᠯᠦᠰᠤ᠂ ᠣᠶᠤᠨ ᠤ ᠭᠦᠳᠡᠯᠮᠦᠷᠢ ᠣᠷᠤᠭᠰᠠᠨ ᠨᠢ ᠭᠠᠷᠴᠠᠭ᠎ᠠ ᠦᠭᠡᠶ ᠶᠤᠮ᠃
ᠬᠦᠬᠡᠨᠠᠭᠤᠷ ᠮᠤᠵᠢ ᠶᠢᠨ ᠣᠯᠠᠭᠠᠨ ᠰᠢᠶᠠᠨ ᠤ 《ᠠᠯᠳᠠᠠᠪᠣᠯᠠᠭ》 ᠦᠨᠳᠦᠰᠦᠳᠠᠨ ᠤ ᠣᠷᠠᠯᠢᠭ ᠤᠨ ᠪᠦᠯᠭᠦᠮ ᠡᠨᠡ ᠵᠢᠯ ᠤᠨ ᠳᠦᠷᠪᠠᠨ ᠰᠠᠷ᠎ᠠ ᠶᠢᠨ ᠰᠢᠨ᠎ᠡ ᠳᠤ ᠰᠠᠶᠢ ᠪᠠᠢ᠌ᠭᠤᠯᠤᠭᠳᠠᠵᠠᠢ᠃ ᠪᠦᠯᠭᠦᠮ ᠤᠨ ᠳᠠᠷᠤᠭ᠎ᠠ ᠲᠡᠶ ᠪᠠᠨ ᠨᠡᠢ᠌ᠯᠡᠭᠡᠳ ᠪᠦᠭᠦ ᠪᠦᠵᠢᠭ᠍ᠴᠢᠨ᠂ ᠳᠠᠭᠤᠴᠢᠨ᠂ ᠭᠦᠭ᠍ᠵᠢᠮᠴᠢᠨ ᠨᠠᠢ᠌ᠳᠠ 23 ᠭᠦᠮᠤᠨ ᠪᠦᠭᠡᠳ ᠣᠯᠠᠩᠭᠢ ᠨᠢ ᠮᠤᠩᠭ᠋ᠤᠯ ᠵᠠᠯᠠᠭᠤᠰ ᠶᠤᠮ᠃ ᠰᠢᠶᠠᠨ ᠤ ᠨᠠᠮ ᠵᠠᠰᠠᠭ ᠡᠴᠡ ᠠᠷᠭ᠎ᠠ ᠪᠦᠭᠦᠨ ᠢ ᠬᠠᠢ᠌ᠨ ᠵᠤᠭᠢᠬᠤ ᠠᠵᠢᠯ ᠤᠨ ᠳᠤᠷᠰᠢᠯᠭ᠎ᠠ ᠲᠡᠶ ᠠᠬᠠᠮᠠᠤᠨ ᠺᠠᠳ᠋ᠷ ᠪᠠᠯᠰᠠᠩ (ᠨᠢᠭᠡᠨᠲᠡ ᠠᠵᠢᠯ ᠤᠨ ᠠᠮᠠᠷᠠᠯᠳᠠ ᠪᠠᠨ ᠠᠪᠣᠭᠰᠠᠨ) ᠨᠥᠭᠦᠷ ᠢ ᠳᠠᠭᠢᠨ ᠣᠷᠢᠨ ᠭᠡᠷᠡᠭᠯᠡᠵᠤ᠂ ᠳᠤᠰ ᠪᠦᠯᠭᠦᠮ ᠤᠨ ᠳᠠᠷᠤᠭ᠎ᠠ ᠪᠠᠷ ᠠᠵᠢᠯᠯᠠᠭᠤᠯᠵᠠᠢ᠃ ᠳᠤᠭᠯᠠᠭᠴᠢᠳ ᠤᠨ ᠨᠠᠰᠤᠨ ᠤ ᠵᠦᠷᠢᠶ᠎ᠠ ᠶᠡᠭᠡ᠂ ᠶᠠᠮᠠᠷᠴᠤ ᠳᠤᠰᠬᠠᠢ ᠮᠡᠷᠭᠡᠵᠢᠯ ᠤᠨ ᠪᠣᠯᠪᠠᠰᠤᠷᠠᠯ ᠭᠦᠷᠳᠡᠭ᠍ᠰᠡᠨ ᠦᠭᠡᠶ ᠮᠦᠷᠳᠡᠭᠡᠨ ᠨᠡᠢ᠌ᠭᠡᠮ ᠳᠡᠭᠡᠷ᠎ᠡ ᠣᠳᠠᠭᠠᠨ ᠵᠢᠯ ᠠᠵᠢᠯ ᠭᠦᠯᠢᠶᠡᠭ᠍ᠰᠡᠨ ᠣᠴᠢᠷ ᠰᠠᠨᠠᠭ᠎ᠠ ᠰᠡᠳᠭᠢᠯ ᠨᠢ ᠳᠤᠭᠳᠠᠭᠤᠨ ᠪᠣᠰᠤ᠂ ᠰᠠᠭᠢᠯᠭ᠎ᠠ ᠳᠦᠷᠢᠮ ᠶᠢᠡᠷ ᠰᠤᠯᠠ᠂ ᠬᠠᠷᠠᠯᠳᠠ ᠵᠤᠷᠢᠯᠳᠠ ᠨᠢ ᠪᠠᠯᠠᠷᠬᠠᠢ ᠪᠠᠢ᠌ᠳᠠᠯ ᠳᠤᠤᠷ᠎ᠠ ᠪᠠᠯᠰᠠᠩ ᠨᠥᠭᠦᠷ ᠣᠢ᠌ᠭ᠎ᠠ ᠦᠭᠡᠶ ᠰᠡᠳᠭᠢᠯ ᠶᠢᠡᠷ ᠦᠵᠡᠯ ᠰᠠᠨᠠᠭᠠᠨ ᠤ ᠠᠵᠢᠯ ᠭᠢᠵᠤ᠂ ᠭᠤᠷᠪᠠᠨ ᠭᠠᠷᠠᠭ ᠰᠢᠬᠠᠮ ᠤᠨ ᠰᠤᠷᠤᠯᠴᠠᠯᠭ᠎ᠠ ᠪᠠᠷ ᠳᠠᠮᠵᠢᠨ ᠵᠥᠭ᠌ ᠵᠥᠭ᠌ ᠡᠴᠡ ᠭᠦᠷᠦᠯᠴᠡᠨ ᠢᠷᠡᠭ᠍ᠰᠡᠨ ᠵᠠᠯᠠᠭᠤᠴᠤᠳ ᠤᠨ ᠬᠠᠷᠠᠯᠳᠠ ᠵᠤᠷᠢᠯᠳᠠ ᠶᠢ ᠨᠢᠭᠡᠳᠦᠭᠦᠯᠵᠤ᠂ ᠰᠠᠭᠢᠯᠭ᠎ᠠ ᠳᠦᠷᠢᠮ ᠢ ᠴᠢᠩᠭ᠋ᠠᠯᠠᠨ ᠬᠠᠯᠠᠭᠤᠨ ᠭᠦᠰᠡᠯ ᠢ ᠨᠢ ᠳᠠᠢ᠌ᠴᠢᠯᠠᠵᠤ ᠴᠢᠳᠠᠭᠰᠠᠨ ᠪᠠᠢ᠌ᠪᠠ᠃ ᠳᠡᠭᠡᠭᠡᠳ ᠨᠥᠭᠦᠴᠡᠯ ᠰᠠᠭᠤᠷᠢ ᠨᠢᠮᠭᠡᠨ᠂ ᠳᠤᠨᠤᠭ ᠳᠦᠭᠦᠭᠡᠷᠦᠮᠵᠢ ᠭᠦᠷᠦᠯᠴᠡᠭᠦ ᠦᠭᠡᠶ᠂ ᠳᠤᠷᠰᠢᠯᠭ᠎ᠠ ᠮᠡᠭᠦᠰ ᠠᠵᠢᠯ ᠤᠨ ᠣᠷᠴᠢᠨ ᠳᠤ ᠪᠦᠭᠦᠳᠡᠭᠡᠷ ᠪᠦᠰᠡ ᠪᠠᠨ ᠴᠢᠩᠭ᠋ᠠᠯᠠᠨ ᠪᠦᠯᠭᠦᠮᠳᠡᠨ ᠨᠢᠭᠡᠳᠴᠦ ᠰᠠᠭᠠᠤᠨ ᠪᠦᠭᠦᠨ ᠢ ᠳᠠᠪᠠᠬᠤ ᠶᠢᠨ ᠬᠠᠮᠳᠤ ᠶᠠᠭᠤ ᠪᠣᠯᠭᠠᠨ ᠢ ᠳᠡᠭ᠌ ᠡᠴᠡ ᠡᠭᠢᠯᠡᠨ ᠭᠠᠷᠳᠠᠨ ᠭᠢᠵᠤ ᠦᠪᠡᠷ ᠶᠢᠡᠨ ᠵᠤᠬᠢᠶᠠᠬᠤ᠂ ᠦᠪᠡᠷ ᠶᠢᠡᠨ ᠨᠠᠢ᠌ᠷᠠᠭᠤᠯᠬᠤ᠂ ᠦᠪᠡᠷ ᠶᠢᠡᠨ ᠳᠤᠭᠯᠠᠬᠤ ᠪᠠᠷ ᠳᠠᠮᠵᠢᠨ ᠪᠣᠳᠠᠳᠤ ᠥᠢᠯᠡᠳᠦᠯᠭᠡ ᠶᠢᠨ ᠳᠤᠮᠳᠠ ᠪᠠᠶ᠎ᠠ ᠪᠠᠨ ᠪᠣᠯᠪᠠᠰᠤᠷᠠᠭᠤᠯᠬᠤ ᠶᠢ ᠭᠢᠴᠢᠶᠠᠵᠠᠢ᠃ ᠡᠢ᠌ᠮᠦᠷᠭᠦ ᠬᠠᠮᠳᠤ ᠶᠢᠨ ᠭᠦᠰᠡᠯ᠂ ᠬᠠᠯᠠᠭᠤᠨ ᠵᠤᠷᠢᠭ᠂ ᠰᠤᠶᠤᠯ ᠶᠢᠡᠨ ᠳᠡᠭᠡᠳᠦᠯᠡᠭᠦ ᠣᠬᠠᠮᠰᠠᠷ ᠪᠠᠢ᠌ᠭᠰᠠᠨ ᠡᠴᠡ ᠣᠯᠠᠭᠠᠨ ᠰᠢᠶᠠᠨ ᠤ 《ᠠᠯᠳᠠᠠᠪᠣᠯᠠᠭ》 ᠦᠨᠳᠦᠰᠦᠳᠠᠨ ᠤ ᠣᠷᠠᠯᠢᠭ ᠤᠨ ᠪᠦᠯᠭᠦᠮ ᠣᠬᠤᠷᠬᠠᠨ ᠴᠠᠭ ᠤᠨ ᠳᠤᠳᠤᠷ᠎ᠠ ᠴᠢᠮᠠᠯᠠᠮᠠᠷ ᠦᠭᠡᠶ ᠦᠷ᠎ᠡ ᠪᠦᠳᠦᠮᠵᠢ ᠣᠯᠵᠤ᠂ ᠠᠩᠬᠠᠨ ᠤ ᠳᠤᠭᠯᠠᠯᠳᠠ ᠪᠠᠨ ᠠᠮᠵᠢᠯᠳᠠ ᠲᠡᠶ ᠪᠠᠶᠡᠯᠡᠭᠦᠯᠤᠨ ᠥᠵᠡᠭ᠍ᠴᠢᠳ ᠭᠢᠭᠡᠳ ᠳᠡᠭᠡᠳᠤ ᠱᠠᠳᠤᠨ ᠤ ᠪᠠᠨ ᠵᠤᠭᠢᠬᠤ ᠦᠨᠡᠯᠠᠯᠳᠠ ᠶᠢ ᠭᠦᠷᠳᠡᠭ᠍ᠰᠡᠨ ᠪᠠᠢ᠌ᠨ᠎ᠠ᠃
ᠣᠯᠠᠭᠠᠨ ᠰᠢᠶᠠᠨ ᠤ 《ᠠᠯᠳᠠᠠᠪᠣᠯᠠᠭ》 ᠦᠨᠳᠦᠰᠦᠳᠠᠨ ᠤ ᠣᠷᠠᠯᠢᠭ ᠤᠨ ᠪᠦᠯᠭᠦᠮ ᠦᠨᠦᠳᠤᠷ ᠪᠣᠯᠬᠤ ᠳᠤ ᠨᠢᠭᠡᠨᠲᠡ ᠪᠠᠢ᠌ᠭᠤᠯᠤᠭᠳᠠᠭᠠᠤᠨ ᠬᠡᠳᠦᠢ᠌ᠪᠡᠷ ᠭᠤᠷᠪᠠᠨ ᠰᠠᠷ᠎ᠠ ᠶᠢᠨ ᠨᠢᠭᠤᠷ ᠥᠵᠡᠭᠡ ᠪᠣᠯᠪᠠᠴᠤ ᠭᠠᠳᠠᠭᠰᠢ ᠭᠠᠷᠤᠭᠰᠠᠨ᠂ ᠰᠤᠷᠤᠯᠴᠠᠭᠰᠠᠨ᠂ ᠰᠤᠷᠪᠣᠯᠵᠢᠯᠭ᠎ᠠ ᠭᠢᠭ᠍ᠰᠡᠨ᠂ ᠡᠨᠡ ᠳᠠᠷᠠ ᠣᠭᠳᠤᠯᠭ᠎ᠠ ᠶᠢᠨ ᠭᠦᠳᠡᠯᠭᠡᠭᠡᠨ ᠳᠤ ᠣᠷᠤᠯᠴᠠᠭᠰᠠᠨ ᠢ ᠭᠠᠷᠭᠠᠪᠠᠯ ᠵᠢᠩᠭᠢᠨᠢ ᠳᠤᠭᠯᠠᠯᠳᠠ ᠪᠠᠨ ᠪᠣᠯᠪᠠᠰᠤᠷᠠᠭᠰᠠᠨ ᠴᠠᠭ ᠨᠢ ᠠᠷᠠᠢ ᠪᠦᠳᠤᠨ ᠰᠠᠷ᠎ᠠ ᠴᠤ ᠭᠦᠷᠭᠦ ᠦᠭᠡᠶ ᠶᠤᠮ᠃ ᠭᠡᠪᠠᠴᠤ ᠳᠠᠳᠠ ᠠᠯᠳᠠ ᠰᠢᠭ ᠠᠬᠠᠷᠬᠠᠨ ᠴᠠᠭ ᠶᠢᠡᠨ ᠠᠮᠢ ᠨᠠᠰᠤ ᠲᠡᠶ ᠪᠠᠨ ᠠᠳᠠᠯᠢ ᠨᠠᠠᠳᠢᠩᠨᠠᠨ ᠡᠷᠭᠢᠮᠯᠡᠵᠤ ᠪᠠᠢ᠌ᠭᠠᠤᠨ ᠦᠪᠡᠷ ᠤᠨ ᠰᠤᠩᠭ᠋ᠤᠭᠰᠠᠨ ᠣᠢ᠌ᠯᠠᠰ ᠲᠡᠭᠡᠨ ᠣᠰᠤᠯᠳᠠᠯ ᠦᠭᠡᠶ ᠪᠠᠷ ᠳᠤᠬᠠᠢ᠌ᠯᠠᠭᠰᠠᠨ ᠠᠵᠢᠯ ᠤᠨ ᠡᠭᠦᠷᠭᠡ ᠪᠠᠨ ᠠᠮᠵᠢᠯᠳᠠ ᠲᠡᠶ ᠪᠠᠶᠡᠯᠡᠭᠦᠯᠦᠭ᠍ᠰᠡᠨ ᠪᠠᠢ᠌ᠨ᠎ᠠ᠃ ᠳᠠᠳᠠ ᠠᠩᠬᠠᠨ ᠤ ᠳᠤᠭᠯᠠᠯᠳᠠ ᠳᠡᠭᠡᠷ᠎ᠡ ᠪᠠᠨ ᠮᠤᠩᠭ᠋ᠤᠯ ᠭᠦᠮᠤᠨ ᠤ ᠣᠯᠠᠨ ᠳᠠᠯ᠎ᠠ ᠶᠢᠨ ᠣᠷ᠎ᠠ ᠠᠪᠢᠶᠠᠰ ᠢ ᠥᠵᠡᠭᠦᠯᠤᠨ ᠮᠤᠩᠭ᠋ᠤᠯ᠂ ᠲᠦᠪᠡᠳ᠂ ᠰᠢᠠᠵᠢᠶᠠᠩ ᠵᠡᠷᠭᠡ ᠪᠦᠵᠢᠭ᠌ ᠢ ᠪᠦᠷ ᠠᠪᠢᠶᠠᠰᠤᠯᠢᠭ ᠪᠦᠵᠢᠭ᠍ᠯᠡᠭ᠍ᠰᠡᠨ ᠪᠦᠭᠡᠳ ᠮᠤᠩᠭ᠋ᠤᠯ ᠠᠷᠠᠤᠨ ᠤᠨ ᠳᠠᠭᠤᠤ 《ᠮᠠᠠᠳᠤᠨ ᠬᠠᠩᠭ᠋ᠠᠢ ᠶᠢᠨ ᠡᠭᠢᠨ》᠂ ᠮᠤᠷᠢᠨ ᠬᠤᠭᠤᠷ ᠤᠨ ᠭᠦᠭ᠍ᠵᠢᠮ 《ᠭᠠᠳᠠ ᠮᠠᠢ᠌ᠷᠠᠨ》 ᠵᠡᠷᠭᠡ ᠶᠢ ᠳᠠᠭᠤᠯᠠᠨ ᠭᠦᠭ᠍ᠵᠢᠮᠳᠡᠵᠤ ᠨᠠᠢ᠌ᠷ ᠲᠤ ᠥᠩᠭᠡ ᠨᠡᠮᠡᠷᠢᠯᠡᠭᠦ ᠶᠢᠨ ᠳᠠᠭᠠᠤ ᠪᠠᠰᠠ 《ᠦᠨᠡᠨ ᠵᠢᠷᠦᠭᠡᠨ ᠤ ᠢᠷᠦᠭᠡᠯ》᠂ 《ᠬᠠᠢ᠌ᠷ᠎ᠠ ᠶᠢᠨ ᠬᠠᠷ᠎ᠠ ᠨᠢᠳᠤᠨ》 ᠵᠡᠷᠭᠡ ᠰᠢᠨ᠎ᠡ ᠴᠠᠭ ᠤᠨ ᠰᠢᠨᠡᠷᠭᠡᠭ᠌ ᠪᠦᠳᠦᠭᠡᠯ ᠳᠤᠭᠢᠷᠠᠭᠤᠯᠵᠤ ᠠᠩᠬᠠᠨ ᠤ ᠳᠤᠭᠯᠠᠯᠳᠠ ᠪᠠᠨ ᠣᠯᠠᠨ ᠤ ᠳᠠᠭᠠᠰᠢᠶᠠᠯ ᠳᠤ ᠭᠦᠷᠭᠡᠨ ᠴᠢᠳᠠᠵᠠᠢ᠃ ᠨᠠᠩ ᠢᠯᠠᠩᠭ᠋ᠤᠶ᠎ᠠ ᠳᠡᠭᠡᠳᠤ ᠮᠤᠩᠭ᠋ᠤᠯ ᠤᠨ ᠣᠯᠠᠮᠵᠢᠯᠠᠯᠳᠤ ᠢᠵᠠᠭᠤᠷ ᠰᠤᠶᠤᠯ ᠤᠨ ᠦᠪ ᠪᠣᠯᠬᠤ 《ᠠᠯᠳᠠᠨ ᠭᠠᠳᠠᠰᠤ》 (ᠪᠠᠯᠰᠠᠩ᠂ ᠯ·ᠣᠳᠤᠨ ᠨᠡᠷ ᠴᠤᠭᠯᠠᠭᠤᠯᠤᠨ ᠡᠮᠭᠢᠦᠡᠭᠡᠵᠤ ᠨᠠᠢ᠌ᠷᠠᠭᠤᠯᠤᠭᠠᠤᠨ ᠼᠠᠢ ᠸᠸᠢ ᠳ᠋ᠦ᠋ᠩ ᠭᠦᠭ᠍ᠵᠢᠮ ᠤᠨ ᠠᠶ᠎ᠠ ᠳᠠᠭᠠᠷᠠᠭᠤᠯᠪᠠ) ᠭᠡᠮᠡᠭᠦ ᠳᠠᠭᠤᠤ ᠪᠦᠵᠢᠭ᠍ᠳᠤ ᠵᠥᠴᠦᠭᠡ ᠶᠢ ᠳᠠᠢ᠌ᠰᠠᠨ ᠤ ᠣᠷᠠᠯᠢᠭ ᠪᠣᠯᠭᠠᠨ ᠳᠤᠭᠯᠠᠭᠰᠠᠨ ᠨᠢ ᠥᠨᠡᠯᠡᠭᠦᠰᠢᠳᠡᠢ ᠶᠤᠮ᠃ ᠡᠭᠦᠨ ᠶᠢᠡᠷ ᠵᠤᠭᠰᠤᠬᠤ ᠦᠭᠡᠶ ᠡᠨᠡᠭᠦ ᠠᠩᠬ᠎ᠠ ᠠᠯᠬᠤᠮ ᠳᠤᠷᠰᠢᠨ ᠵᠤᠬᠢᠶᠠᠭᠰᠠᠨ ᠵᠥᠴᠦᠭᠡ ᠪᠠᠨ ᠲᠦᠪ ᠤᠨ ᠣᠳᠤᠨ ᠲᠸᠯᠸᠢᠰ ᠶᠢᠡᠷ ᠭᠦᠷᠳᠡᠯ᠎ᠡ ᠰᠠᠴᠤᠭᠠᠤᠨ ᠠᠮᠵᠢᠭᠰᠠᠨ ᠨᠢ ᠮᠠᠭᠳᠠᠭᠤᠰᠢᠳᠠᠢ ᠠᠵᠢ᠃ ᠡᠨᠡ ᠪᠣᠯ ᠰᠠᠶᠢ ᠶᠠᠭᠤ ᠪᠠᠷ ᠴᠤ ᠣᠷᠤᠯᠠᠭᠤᠯᠵᠤ ᠲᠦᠯᠦᠭᠡᠯᠡᠭᠦᠯᠵᠤ ᠪᠣᠯᠤᠰᠢ ᠦᠭᠡᠶ ᠳᠡᠭ᠍ᠷᠢᠯᠢᠭ᠌ ᠰᠤᠶᠤᠯ ᠤᠨ ᠭᠠᠢ᠌ᠬᠠᠮᠰᠢᠭ ᠪᠢᠯᠠ᠃ ᠦᠷ᠎ᠡ ᠬᠣᠢ᠌ᠴᠢᠰ ᠨᠢ ᠪᠣᠯᠤᠭᠰᠠᠨ ᠪᠢᠳᠠ ᠡᠪᠦᠭᠡ ᠳᠡᠭᠡᠳᠦᠰ ᠡᠴᠡ ᠣᠯᠠᠮᠵᠢᠯᠠᠵᠤ ᠢᠷᠡᠭ᠍ᠰᠡᠨ ᠡᠢ᠌ᠮᠦᠷᠭᠦ ᠳᠡᠭ᠍ᠷᠢᠯᠢᠭ᠌ ᠰᠤᠶᠤᠯ ᠤᠨ ᠦᠪ ᠭᠦᠷᠦᠩᠭᠡ ᠪᠠᠨ ᠠᠪᠣᠷᠠᠨ ᠭᠦᠭ᠍ᠵᠢᠭᠦᠯᠵᠤ᠂ ᠣᠯᠠᠮᠵᠢᠯᠠᠨ ᠳᠡᠯᠭᠡᠷᠡᠭᠦᠯᠭᠦ ᠳᠠᠷᠬᠠᠨ ᠬᠠᠷᠢᠭᠤᠴᠠᠯᠭ᠎ᠠ ᠲᠡᠶ ᠶᠤᠮ᠃
《ᠠᠯᠳᠠᠨ ᠭᠠᠳᠠᠰᠤ》 ᠨᠠᠭᠠᠳᠤᠮ ᠪᠣᠯ ᠥᠩᠭᠡᠷᠡᠭ᠍ᠰᠡᠨ ᠳᠤ ᠳᠡᠭᠡᠳᠤ ᠮᠤᠩᠭ᠋ᠤᠯ ᠤᠨ ᠳᠤᠮᠳᠠ ᠦᠷᠭᠡᠨ ᠶᠢᠡᠷ ᠳᠡᠯᠭᠡᠷᠡᠨ ᠳᠤᠭᠯᠠᠭᠳᠠᠵᠤ ᠪᠠᠢ᠌ᠭᠰᠠᠨ ᠣᠯᠠᠮᠵᠢᠠᠯᠯᠳᠤ ᠳᠤᠭᠯᠠᠮ ᠤᠨ ᠨᠢᠭᠡ ᠳᠦᠷᠤᠯ ᠪᠣᠯᠤᠨ᠎ᠡ᠃ ᠳᠠᠷᠠ ᠨᠢ ᠨᠡᠭᠦᠳᠡᠯ ᠠᠮᠢᠳᠤᠷᠠᠯ ᠤᠨ ᠳᠤᠮᠳᠠ ᠠᠶᠠᠠᠳᠠᠭᠠᠨ ᠪᠣᠢ ᠪᠣᠯᠤᠨ ᠭᠦᠭ᠍ᠵᠢᠵᠤ ᠢᠷᠡᠭ᠍ᠰᠡᠨ ᠰᠤᠶᠤᠯ ᠤᠨ ᠳᠠᠯᠠᠰᠳᠤ ᠪᠣᠯᠬᠤ ᠪᠦᠭᠡᠳ ᠨᠡᠭᠦᠳᠡᠯ ᠠᠮᠢᠳᠤᠷᠠᠯ ᠤᠨ ᠣᠠᠴᠠᠯᠢᠭ ᠲᠤ ᠳᠤᠭᠢᠷᠠᠭᠰᠠᠨ ᠳᠤᠭᠯᠠᠬᠤ ᠳᠤ ᠠᠮᠠᠷ᠂ ᠴᠠᠭ ᠲᠤ ᠠᠷᠪᠢᠳᠠᠢ᠂ ᠰᠤᠨᠢᠷᠬᠠᠯᠳᠤ ᠴᠢᠨᠠᠷ ᠶᠢᠡᠷ ᠴᠢᠩᠭ᠎ᠠ ᠳᠤᠭᠯᠠᠭᠠᠮ ᠪᠣᠯᠬᠤ ᠶᠤᠮ᠃ ᠮᠠᠯᠵᠢᠬᠤ ᠣᠷᠤᠨ ᠤ ᠰᠤᠶᠤᠯ ᠤᠨ ᠠᠮᠢᠳᠤᠷᠠᠯ ᠶᠠᠳᠠᠭᠤ ᠬᠤᠴᠤᠷᠤᠩᠭ᠋ᠤᠢ ᠪᠠᠢ᠌ᠭᠰᠠᠨ ᠴᠠᠭ ᠲᠤ᠂ ᠠᠵᠢᠯ ᠬᠠᠷ᠎ᠠ ᠳᠤ ᠪᠠᠷᠢᠭᠳᠠᠭᠰᠠᠨ ᠭᠦᠳᠡᠭᠡ ᠶᠢᠨ ᠵᠠᠯᠠᠭᠤᠴᠤᠳ ᠦᠳᠡᠰᠢ ᠶᠢᠨ ᠰᠡᠯᠡᠭᠦᠨ ᠢ ᠠᠰᠢᠭᠯᠠᠨ ᠬᠤᠷᠠᠨ ᠴᠤᠭᠯᠠᠷᠠᠭᠠᠤᠨ ᠠᠯᠵᠢᠶᠠᠯ ᠵᠦᠳᠡᠷᠡᠯ ᠶᠢᠡᠨ ᠳᠠᠢ᠌ᠯᠤᠨ ᠳᠠᠮᠢᠷ ᠳᠡᠩᠭᠡᠭᠡ ᠪᠠᠨ ᠰᠢᠯᠭᠠᠯᠴᠠᠵᠤ᠂ ᠣᠷ᠎ᠠ ᠠᠪᠢᠶᠠᠰ ᠶᠢᠡᠨ ᠰᠤᠷᠢᠯᠴᠠᠳᠠᠭ ᠪᠠᠢ᠌ᠭᠰᠠᠨ ᠨᠢ ᠶᠠᠷᠢᠶᠠᠨ ᠦᠭᠡᠶ᠃ ᠡᠭᠦᠨ ᠡᠴᠡ ᠪᠢᠳᠠ ᠮᠠᠨ ᠤ ᠡᠪᠦᠭᠡ ᠳᠡᠭᠡᠳᠦᠰ ᠦᠪᠡᠷ ᠤᠨ ᠰᠡᠷᠭᠦᠯᠡᠩ ᠣᠬᠠᠭᠠᠨ᠂ ᠰᠠᠴᠠᠨ ᠪᠢᠯᠢᠭ᠌᠂ ᠪᠦᠳᠦᠭᠡᠯᠴᠢ ᠴᠢᠳᠠᠪᠣᠷᠢ ᠳᠠᠭᠠᠨ ᠳᠦᠰᠢᠭᠯᠡᠨ ᠦᠪᠡᠷ ᠤᠨ ᠰᠤᠶᠤᠯ ᠤᠨ ᠠᠮᠢᠳᠤᠷᠠᠯ ᠶᠢᠡᠨ ᠦᠪᠠᠰᠤᠪᠠᠨ ᠪᠠᠶᠠᠯᠢᠭᠵᠢᠭᠤᠯᠤᠨ ᠡᠯᠪᠠᠭ᠍ᠵᠢᠭᠦᠯᠵᠤ ᠬᠠᠳᠠᠭᠤ ᠪᠠᠷᠭᠡ᠂ ᠭᠦᠴᠢᠷ ᠵᠤᠪᠠᠯᠠᠩ ᠲᠡᠶ ᠨᠡᠭᠦᠳᠡᠯ ᠠᠮᠢᠳᠤᠷᠠᠯ ᠤᠨ ᠳᠤᠮᠳᠠ ᠡᠴᠡ ᠦᠪᠡᠷ ᠤᠨ ᠭᠡᠰᠡᠨ ᠪᠠᠶᠠᠷ ᠵᠢᠷᠭᠠᠯ᠂ ᠬᠠᠪᠣ ᠴᠡᠩᠭᠡᠯ ᠶᠢᠡᠨ ᠣᠯᠵᠤ ᠴᠢᠳᠠᠳᠠᠭ ᠪᠠᠢ᠌ᠭᠰᠠᠨ ᠢ ᠦᠵᠡᠨ ᠭᠠᠷᠴᠤ ᠪᠣᠯᠬᠤ ᠶᠤᠮ᠃
ᠦᠨᠦᠳᠤᠷ ᠪᠣᠯᠬᠤ ᠳᠤ ᠡᠯᠳᠡᠪ ᠳᠤᠯᠤᠭᠠᠨ ᠶᠠᠩᠵᠤ ᠶᠢᠨ ᠰᠤᠶᠤᠯ ᠤᠨ ᠠᠭᠠᠷ ᠪᠢᠳᠠᠨ ᠤ ᠠᠮᠢᠳᠤᠷᠠᠯ ᠳᠤ ᠬᠠᠯᠳᠠᠨ ᠣᠷᠤᠵᠤ ᠢᠷᠡᠭᠡᠳ ᠭᠠᠵᠠᠷ ᠠᠪᠴᠤ᠂ ᠡᠪᠦᠭᠡ ᠳᠡᠭᠡᠳᠦᠰ ᠤᠨ ᠮᠠᠨᠢ ᠣᠷᠳᠤ ᠣᠳᠠᠭᠠᠨ ᠨᠡᠭᠦᠳᠡᠯ ᠠᠮᠢᠳᠤᠷᠠᠯ ᠤᠨ ᠳᠤᠮᠳᠠ ᠪᠠᠨ ᠡᠭᠦᠳᠤᠨ ᠪᠦᠳᠦᠭᠡᠭ᠍ᠰᠡᠨ ᠠᠯᠢ ᠣᠯᠠᠨ ᠣᠯᠠᠮᠵᠢᠯᠠᠯᠳᠤ ᠰᠤᠶᠤᠯ ᠤᠨ ᠦᠪ ᠭᠡᠭᠡᠭ᠍ᠳᠡᠨ ᠬᠠᠶᠠᠭᠳᠠᠭᠰᠠᠨ ᠪᠦᠭᠡᠳ ᠭᠡᠭᠡᠭ᠍ᠳᠡᠨ ᠬᠠᠶᠠᠭᠳᠠᠭᠰᠠᠭᠠᠷ ᠪᠠᠢ᠌ᠨ᠎ᠠ᠃ ᠪᠢᠳᠠ ᠦᠨᠳᠦᠰᠦᠳᠠᠨ ᠶᠢᠡᠨ ᠠᠪᠣᠷᠠᠬᠤ ᠭᠡᠪᠠᠯ ᠰᠤᠶᠤᠯ ᠶᠢᠡᠨ ᠠᠪᠣᠷᠠᠬᠤ ᠶᠤᠰᠤᠳᠠᠢ᠃ ᠭᠠᠭᠴᠠᠬᠦ ᠰᠤᠶᠤᠯ ᠶᠢᠡᠨ ᠭᠡᠭᠡᠭᠦ ᠦᠭᠡᠶ ᠴᠠᠭ ᠲᠤ ᠣᠬᠠᠭᠠᠨ ᠪᠣᠢ᠂ ᠣᠴᠢᠷ ᠪᠣᠢ᠂ ᠵᠠᠮ ᠴᠤ ᠪᠣᠢ︕ ᠣᠰᠠᠳᠤᠨ ᠭᠡᠭᠡᠭ᠍ᠳᠡᠮᠡᠷ ᠪᠠᠢ᠌ᠭ᠎ᠠ ᠣᠯᠠᠮᠵᠢᠯᠠᠯᠳᠤ ᠰᠤᠶᠤᠯ ᠤᠨ ᠦᠪ ᠶᠢᠡᠨ ᠠᠪᠣᠷᠠᠨ ᠳᠡᠯᠭᠡᠷᠡᠭᠦᠯᠭᠦ ᠠᠵᠢᠯ ᠳᠤ ᠬᠦᠬᠡᠨᠠᠭᠤᠷ ᠮᠤᠵᠢ ᠶᠢᠨ ᠣᠯᠠᠭᠠᠨ ᠰᠢᠶᠠᠨ ᠤ ᠭᠢᠨ ᠡᠨᠡ ᠣᠳᠠᠭ᠎ᠠ ᠶᠡᠭᠡ ᠰᠠᠢ᠌ᠬᠠᠨ ᠵᠢᠱᠢᠶ᠎ᠠ ᠪᠣᠯᠤᠭᠰᠠᠨ ᠭᠡᠵᠤ ᠭᠡᠯᠡᠵᠤ ᠪᠣᠯᠤᠨ᠎ᠠ᠃ 《ᠠᠯᠳᠠᠨ ᠭᠠᠳᠠᠰᠤ》 ᠭᠡᠮᠡᠭᠦ ᠨᠠᠭᠠᠳᠤᠮ ᠤᠨ ᠠᠩᠬᠠᠨ ᠤ ᠰᠤᠷᠠᠭ ᠢ ᠭᠠᠷᠭᠠᠭᠰᠠᠨ ᠴᠠᠭ ᠡᠴᠡ ᠣᠯᠠᠭᠠᠨ ᠰᠢᠶᠠᠨ ᠤ 《ᠠᠯᠳᠠᠠᠪᠣᠯᠠᠭ》 ᠦᠨᠳᠦᠰᠦᠳᠠᠨ ᠤ ᠣᠷᠠᠯᠢᠭ ᠤᠨ ᠪᠦᠯᠭᠦᠮ ᠤᠨ ᠳᠠᠷᠤᠭ᠎ᠠ ᠪᠠᠯᠰᠠᠩ ᠨᠥᠭᠦᠷ ᠡᠭᠦᠨ ᠢ ᠳᠠᠢ᠌ᠰᠠᠨ ᠤ ᠣᠷᠠᠯᠢᠭ ᠪᠣᠯᠭᠠᠨ ᠳᠤᠭᠯᠠᠬᠤ ᠭᠡᠮᠡᠨ ᠣᠷᠤᠭᠤ ᠥᠭᠡᠳᠡ ᠭᠦᠶᠦᠵᠤ᠂ ᠬᠤᠯᠪᠣᠭᠳᠠᠯ ᠪᠦᠭᠦᠢ ᠭᠦᠮᠦᠰ ᠢ ᠡᠷᠢᠵᠤ ᠬᠠᠢ᠌ᠵᠤ ᠪᠠᠢ᠌ᠭᠠᠤᠨ ᠡᠨᠡᠭᠦ ᠠᠵᠢᠯ ᠤᠨ ᠠᠯᠳᠠᠨ ᠭᠦᠰᠢᠭᠡ ᠶᠢ ᠢᠷᠠᠭᠰᠠᠨ ᠪᠢᠯᠠ᠃ ᠳᠡᠭᠡᠳᠤ ᠮᠤᠩᠭ᠋ᠤᠯ ᠤᠨ ᠣᠷᠠᠨ ᠵᠤᠬᠢᠶᠠᠯ ᠤᠨ ᠳᠡᠦᠭᠡᠨ ᠳᠤ ᠠᠪᠴᠤ ᠭᠡᠯᠡᠭᠦ ᠳᠤ ᠵᠥᠴᠦᠭᠡ ᠨᠠᠢ᠌ᠷᠠᠭᠤᠯᠵᠤ ᠵᠤᠬᠢᠶᠠᠭᠰᠠᠨ ᠨᠢ ᠡᠳᠦᠢ ᠳᠠᠳᠤᠢ ᠪᠠᠢ᠌ᠪᠠᠴᠤ ᠳᠡᠭᠦᠨ ᠶᠢᠡᠨ ᠳᠠᠢ᠌ᠰᠠᠨ ᠤ ᠣᠷᠠᠯᠢᠭ ᠪᠣᠯᠭᠠᠨ ᠳᠤᠭᠯᠠᠭᠰᠠᠨ ᠨᠢ ᠠᠩᠬ᠎ᠠ ᠣᠳᠠᠭ᠎ᠠ ᠪᠠᠢ᠌ᠭ᠎ᠠ ᠶᠤᠮ᠃ 《ᠠᠯᠳᠠᠨ ᠭᠠᠳᠠᠰᠤ》 ᠠᠷᠠᠤᠨ ᠤᠨ ᠣᠯᠠᠮᠵᠢᠯᠠᠯᠳᠤ ᠨᠠᠭᠠᠳᠤᠮ ᠢ ᠵᠥᠴᠦᠭᠡ ᠪᠣᠯᠭᠠᠨ ᠳᠤᠭᠯᠠᠬᠤ ᠠᠵᠢᠯ ᠳᠤ ᠣᠯᠠᠭᠠᠨ ᠰᠢᠶᠠᠨ ᠤ ᠨᠠᠮ ᠵᠠᠰᠠᠭ ᠡᠴᠡ ᠭᠦᠴᠦᠳᠡᠢ ᠳᠡᠮᠵᠢᠯᠭᠡ ᠥᠵᠡᠭᠦᠯᠦᠭ᠍ᠰᠡᠨ ᠮᠦᠷᠳᠡᠭᠡᠨ ᠰᠢᠶᠠᠨ ᠤ ᠳᠠᠷᠤᠭ᠎ᠠ ᠭᠦᠭᠡᠪᠠᠷᠰ᠂ ᠳᠠᠳ᠋ ᠳᠠᠷᠤᠭ᠎ᠠ ᠭᠠᠩᠴᠢᠠᠳᠠᠷ ᠨᠡᠷ ᠬᠠᠯᠠᠮᠵᠢᠯᠠᠨ ᠪᠣᠯᠭᠤᠭᠠᠵᠤ᠂ ᠡᠷᠭᠢᠮ ᠨᠠᠠᠳᠢᠨ ᠰᠠᠨᠠᠯ ᠵᠥᠪᠯᠡᠯᠭᠡ ᠪᠠᠨ ᠬᠠᠢ᠌ᠷᠠᠯᠠᠭᠰᠠᠨ ᠪᠠᠢ᠌ᠨ᠎ᠠ᠃ ᠳᠠᠮ ᠳᠠᠮ ᠳᠡᠭᠡᠨ᠂ ᠳᠡᠭᠡᠰᠤᠨ ᠡᠷᠴᠢᠨ ᠳᠡᠭᠡᠨ ᠭᠡᠳᠡᠭ᠌ ᠶᠢᠡᠷ ᠮᠠᠨᠤᠰ ᠪᠦᠭᠦᠳᠡ ᠭᠦᠴᠤ ᠬᠠᠮᠳᠤᠷᠠᠨ ᠰᠤᠶᠤᠯ ᠶᠢᠡᠨ ᠠᠪᠣᠷᠠᠬᠤ ᠭᠦᠳᠡᠯᠭᠡᠭᠡᠨ ᠳᠤ ᠢᠳᠠᠪᠭᠢᠯᠠᠨ ᠣᠷᠤᠯᠴᠠᠳᠠᠭ ᠶᠤᠮ ᠪᠣᠯ ᠵᠢᠷᠦᠭᠡᠨ ᠳᠤ ᠭᠦᠷᠦᠮᠡᠷ ᠵᠣᠢ᠌ᠯ ᠵᠣᠢ᠌ᠯ ᠤᠨ ᠰᠤᠶᠤᠯ ᠤᠨ ᠠᠷᠢᠭᠤᠨ ᠦᠪ ᠠᠷᠠᠤᠨ ᠤᠨ ᠳᠤᠮᠳᠠ ᠨᠢᠭᠤᠭᠳᠠᠭᠰᠠᠭᠠᠷ ᠪᠠᠢ᠌ᠭ᠎ᠠ ᠭᠡᠳᠡᠭ᠌ ᠢ ᠮᠠᠳᠠᠵᠤ ᠣᠢ᠌ᠯᠠᠭᠠᠵᠤ ᠪᠣᠯᠤᠨ᠎ᠡ᠃
ᠬᠠᠢ᠌ᠰᠢ ᠪᠣᠯ ᠮᠤᠩᠭ᠋ᠤᠯ ᠦᠨᠳᠦᠰᠦᠳᠠᠨ ᠶᠢᠡᠷ ᠭᠤᠤᠯ ᠪᠣᠯᠭᠠᠭᠰᠠᠨ ᠥᠪᠠᠷᠳᠡᠭᠡᠨ ᠵᠠᠰᠠᠬᠤ ᠵᠸᠤ ᠪᠣᠯᠬᠤ ᠶᠤᠮ᠃ ᠦᠨᠳᠦᠰᠦᠳᠠᠨ ᠤ ᠪᠠᠨ ᠰᠤᠶᠤᠯ ᠶᠢᠡᠨ ᠠᠪᠣᠷᠠᠬᠤ᠂ ᠣᠯᠠᠮᠵᠢᠯᠠᠬᠤ᠂ ᠳᠡᠯᠭᠡᠷᠡᠭᠦᠯᠭᠦ ᠶᠠᠪᠣᠳᠠᠯ ᠳᠤ ᠦᠪᠠᠰᠤᠪᠠᠨ ᠡᠵᠡᠨ ᠮᠠᠳᠠᠵᠤ ᠳᠤᠯᠤᠭᠠᠢ ᠳᠠᠭᠠᠭᠠᠬᠤ ᠡᠷᠭᠡ ᠲᠡᠶ᠃ ᠭᠠᠭᠴᠠᠬᠦ ᠪᠢᠳᠠ ᠦᠨᠳᠦᠰᠦᠳᠠᠨ ᠤ ᠪᠠᠨ ᠰᠤᠶᠤᠯ ᠶᠢᠡᠷ ᠳᠤᠭ ᠪᠣᠯᠭᠠᠵᠤ᠂ ᠭᠠᠵᠠᠷ ᠣᠷᠤᠨ ᠤ ᠣᠠᠴᠠᠯᠢᠭ ᠲᠡᠶ ᠰᠤᠶᠤᠯ ᠤᠨ ᠦᠪ ᠶᠢᠡᠨ ᠨᠡᠭᠡᠭᠡᠨ ᠠᠰᠢᠭᠯᠠᠵᠤ᠂ ᠣᠯᠠᠮᠵᠢᠯᠠᠨ ᠳᠡᠯᠭᠡᠷᠡᠭᠦᠯᠭᠦ ᠳᠤ ᠭᠦᠷᠪᠠᠯ ᠮᠠᠨᠤᠰ ᠲᠤ ᠭᠠᠷᠬᠤ ᠦᠭᠡᠶ ᠵᠠᠮ ᠭᠡᠵᠤ ᠪᠠᠢ᠌ᠬᠤ ᠦᠭᠡᠶ᠂ ᠭᠠᠳᠤᠯᠬᠤ ᠦᠭᠡᠶ ᠣᠯᠤᠮ ᠭᠡᠵᠤ ᠴᠤ ᠪᠠᠢ᠌ᠬᠤ ᠦᠭᠡᠶ᠃ ᠦᠨᠦᠳᠤᠷ ᠬᠦᠬᠡᠨᠠᠭᠤᠷ ᠮᠤᠵᠢ ᠶᠢᠨ ᠳᠤᠯᠠᠭᠠᠨ ᠰᠢᠶᠠᠨ᠂ ᠣᠯᠠᠭᠠᠨ ᠰᠢᠶᠠᠨ ᠪᠦᠷ ᠳᠤᠰ ᠳᠤᠰ ᠲᠠᠭᠠᠨ ᠦᠨᠳᠦᠰᠦᠳᠠᠨ ᠤ ᠣᠷᠠᠯᠢᠭ ᠤᠨ ᠪᠦᠯᠭᠦᠮ ᠲᠡᠶ ᠪᠣᠯᠤᠯ᠎ᠠ᠃ ᠡᠨᠡ ᠪᠣᠯ ᠰᠠᠢ᠌ᠨ ᠶᠠᠪᠣᠳᠠᠯ᠂ ᠰᠠᠢ᠌ᠬᠠᠨ ᠡᠭᠢᠯᠡᠯᠳᠡ ᠪᠣᠯᠬᠤ ᠶᠤᠮ᠃ ᠪᠢᠳᠠ ᠪᠦᠭᠦᠳᠡ ᠰᠡᠳᠭᠢᠯ ᠬᠠᠮᠳᠤᠷᠠᠨ ᠳᠡᠮᠵᠢᠭᠦ ᠶᠤᠰᠤᠳᠠᠢ᠂ ᠵᠤᠷᠢᠭᠵᠢᠭᠤᠯᠤᠨ ᠣᠷᠮᠠᠰᠢᠭᠤᠯᠬᠤ ᠶᠤᠰᠤᠳᠠᠢ︕ ᠡᠢ᠌ᠮᠦᠷᠭᠦ ᠦᠨᠳᠦᠰᠦᠳᠠᠨ ᠤ ᠪᠠᠨ ᠰᠤᠶᠤᠯ ᠣᠷᠠᠯᠢᠭ ᠶᠢᠡᠷ ᠣᠷᠤᠢ ᠶᠢᠨ ᠴᠢᠮᠡᠭ᠌ ᠪᠣᠯᠭᠠᠭᠰᠠᠨ ᠣᠷᠠᠯᠢᠭ ᠤᠨ ᠪᠦᠯᠭᠦᠮ ᠨᠠᠩ ᠣᠯᠠᠨ ᠪᠣᠯᠵᠤ᠂ ᠳᠡᠭᠡᠳᠤ ᠮᠤᠩᠭ᠋ᠤᠯ ᠶᠢᠡᠨ ᠳᠡᠯᠡᠭᠡᠢ ᠳᠤ ᠳᠡᠭ᠍ᠷᠢᠯᠢᠭ᠌ ᠰᠤᠶᠤᠯ ᠶᠢᠡᠷ ᠶᠢᠡᠨ ᠳᠠᠨᠢᠭᠤᠯᠬᠤ ᠶᠢ ᠭᠢᠴᠢᠶᠡᠭᠦ ᠭᠡᠷᠡᠭ᠍ᠳᠡᠢ︕ ᠳᠠᠭᠠᠤ ᠳᠤ ᠨᠢ ᠪᠠᠰᠠ ᠵᠢᠦᠡᠭᠦᠭ᠍ᠰᠡᠨ ᠥᠭᠡᠷ ᠤᠨ ᠵᠢᠷᠦᠭᠡ ᠶᠢ ᠰᠤᠭᠤᠯᠤᠨ᠎ᠠ ᠭᠡᠭ᠍ᠴᠢ ᠪᠠᠷ ᠦᠪᠡᠷ ᠶᠢᠡᠨ ᠡᠰᠡ ᠭᠢᠭ᠍ᠰᠡᠨ ᠴᠤ ᠦᠷᠦᠭᠡᠯ ᠤᠨ ᠭᠢᠭ᠍ᠰᠡᠨ ᠳᠤ ᠳᠤᠷ᠎ᠠ ᠥᠭᠡᠢ᠌ᠴᠡᠵᠤ᠂ ᠳᠤᠯᠤᠭᠠᠨ ᠮᠠᠭᠤ ᠶᠢ ᠨᠢ ᠮᠠᠯᠳᠠᠨ ᠭᠦᠯ ᠳᠤ ᠨᠢ ᠳᠤᠱᠠ ᠪᠣᠯᠳᠠᠭ ᠶᠢᠡᠨ ᠣᠭᠤᠷᠠᠬᠤ ᠶᠢ ᠰᠠᠨᠠᠭᠤᠯᠤᠶ᠎ᠠ︕
ᠵᠤᠨ ᠤ ᠬᠤᠷ᠎ᠠ ᠲᠡᠶ ᠬᠠᠮᠳᠤ ᠵᠠᠭᠤᠨ ᠵᠠᠭᠤᠨ ᠭᠦᠮᠦᠰ ᠤᠨ ᠣᠶᠤᠨ ᠤ ᠳᠡᠭ᠍ᠷᠢ ᠳᠤ ᠱᠠᠭᠢᠨ ᠪᠠᠭᠤᠭᠰᠠᠨ ᠪᠢᠯᠢᠭ᠌ ᠤᠨ ᠷᠠᠰᠢᠶᠠᠨ ᠪᠣᠯᠬᠤ ᠣᠯᠠᠭᠠᠨ ᠰᠢᠶᠠᠨ ᠤ 《ᠠᠯᠳᠠᠠᠪᠣᠯᠠᠭ》 ᠦᠨᠳᠦᠰᠦᠳᠠᠨ ᠤ ᠣᠷᠠᠯᠢᠭ ᠤᠨ ᠪᠦᠯᠭᠦᠮ ᠤᠨ ᠠᠩᠬᠠᠨ ᠤ ᠳᠤᠭᠯᠠᠯᠳᠠ ᠠᠮᠵᠢᠯᠳᠠ ᠲᠡᠶ ᠦᠨᠳᠦᠷᠯᠠᠯ᠎ᠠ᠃ ᠬᠣᠢ᠌ᠰᠢᠳᠠ ᠡᠢ᠌ᠮᠦᠷᠭᠦ ᠦᠪᠡᠷ ᠤᠨ ᠭᠡᠰᠡᠨ ᠭᠡᠪ ᠨᠠᠮᠪᠠ᠂ ᠣᠠᠴᠠᠯᠢᠭ ᠲᠡᠶ ᠮᠦᠷᠳᠡᠭᠡᠨ ᠰᠢᠨ᠎ᠠ ᠰᠡᠪᠠᠭᠦᠨ᠂ ᠪᠦᠳᠦᠭᠡᠯᠴᠢ ᠴᠢᠨᠠᠷ ᠲᠡᠶ᠂ ᠰᠤᠨᠢᠷᠬᠠᠯ ᠳᠤ ᠭᠦᠷᠭᠦ ᠰᠤᠳᠤᠨ ᠣᠷᠠᠯᠢᠭ ᠤᠨ ᠳᠡᠭᠡᠵᠢ ᠪᠠᠷ ᠣᠯᠠᠨ ᠥᠵᠡᠭ᠍ᠴᠢᠳ ᠶᠢᠡᠨ ᠨᠥᠯᠦᠭᠡᠯᠡᠨ ᠣᠷᠮᠠᠰᠢᠭᠤᠯᠬᠤ ᠶᠢ ᠭᠦᠰᠡᠶ᠎ᠡ︕ ᠳᠠᠰᠢᠷᠠᠮ ᠳᠤ ᠨᠢ ᠪᠠᠰᠠ ᠳᠤᠭᠯᠠᠬᠤ ᠣᠷ᠎ᠠ ᠮᠡᠷᠭᠡᠰᠢᠯ᠂ ᠳᠠᠭᠤᠯᠠᠬᠤ ᠭᠡᠪ ᠨᠠᠮᠪᠠ᠂ ᠭᠦᠳᠦᠯᠭᠦ ᠭᠦᠭ᠍ᠵᠢᠭᠡᠭᠦ ᠠᠪᠢᠶᠠᠰ ᠡᠷᠳᠡᠮ ᠶᠢᠡᠨ ᠨᠠᠩ ᠦᠨᠳᠦᠷ ᠲᠦᠪᠰᠢᠨ ᠳᠤ ᠭᠦᠷᠭᠡᠭᠦ ᠪᠠᠷ ᠴᠠᠭ ᠲᠡᠶ ᠣᠷᠤᠯᠳᠤᠨ ᠮᠡᠷᠡᠢ᠌ᠭᠦ ᠶᠢ ᠡ᠊ᠨᠳᠡ ᠰᠠᠨᠠᠭᠤᠯᠵᠤ ᠪᠠᠢ᠌ᠨ᠎ᠠ︕
ᠵᠤᠬᠢᠶᠠᠭᠴᠢ ᠶᠢᠨ ᠬᠠᠶᠢᠭ᠄ ᠬᠦᠬᠡᠨᠠᠭᠤᠷ ᠮᠤᠵᠢ ᠶᠢᠨ ᠣᠯᠠᠭᠠᠨ ᠰᠢᠶᠠᠨ
ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6181
ᠴᠠᠭ᠄ 2010 ᠤᠨ ᠤ 08 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ