☆ ᠸᠠᠩᠴᠢᠨ ᠰᠠᠴᠠᠨ
ᠢᠳᠠᠷ ᠨᠠᠰᠤᠨ ᠤ ᠭᠦᠮᠦᠰ ᠤᠨ ᠰᠠᠳᠭᠢᠴᠠ ᠥᠳᠡᠯᠭᠦ ᠶᠢ ᠰᠡᠷᠭᠡᠢ᠌ᠯᠡᠭᠦ ᠠᠷᠭ᠎ᠠ ᠠᠪᠴᠠᠯ
ᠢᠳᠠᠷ ᠨᠠᠰᠤᠨ ᠤ ᠭᠦᠮᠦᠰ ᠤᠨ ᠰᠠᠳᠭᠢᠴᠠ ᠥᠳᠡᠯᠭᠦ ᠨᠢ ᠰᠠᠳᠭᠢᠴᠠ ᠲᠡᠩᠴᠡᠬᠦᠷᠢ ᠪᠠᠨ ᠠᠯᠳᠠᠭᠰᠠᠨ ᠤ ᠢᠯᠠᠷᠠᠯ ᠪᠠᠢ᠌ᠵᠤ᠂ ᠭᠦᠮᠤᠨ ᠤ ᠠᠪᠢᠶᠠᠰ ᠪᠢᠯᠢᠭ᠌ ᠢ ᠪᠣᠯᠠᠰᠢᠯᠠᠨ᠂ ᠡᠭᠦᠳᠤᠨ ᠪᠦᠳᠦᠭᠡᠭᠦ ᠴᠢᠳᠠᠪᠣᠷᠢ ᠵᠢᠴᠢ ᠳᠠᠯᠳᠠ ᠭᠦᠴᠤᠨ ᠶᠢᠡᠨ ᠪᠠᠳᠠᠷᠠᠭᠤᠯᠬᠤ ᠶᠢᠨ ᠰᠠᠭᠠᠤᠨ ᠬᠠᠷᠰᠢ ᠪᠣᠯᠳᠠᠭ᠃ ᠨᠠᠩ ᠴᠢᠨᠠᠭᠰᠢᠯᠠᠨ ᠪᠠᠶ᠎ᠠ ᠰᠡᠳᠭᠢᠯ ᠤᠨ ᠡᠪᠡᠳᠴᠢᠨ ᠭᠡᠮ ᠢ ᠡᠭᠦᠰᠭᠡᠵᠤ ᠮᠡᠳᠡᠭᠦ ᠳᠤᠯᠠ ᠵᠤᠭᠢᠰᠳᠠᠢ ᠠᠷᠭ᠎ᠠ ᠠᠪᠴᠠᠯ ᠠᠪᠴᠤ ᠰᠡᠷᠭᠡᠢ᠌ᠯᠡᠭᠦ ᠭᠡᠷᠡᠭ᠍ᠳᠡᠢ᠃
ᠡᠩ ᠳᠡᠷᠢᠭᠦᠨ ᠳᠤ᠂ ᠰᠡᠳᠭᠢᠯ ᠰᠠᠨᠠᠭ᠎ᠠ ᠪᠠᠨ ᠪᠠᠶᠠᠷ ᠭᠦᠷ ᠲᠡᠶ ᠪᠠᠢ᠌ᠯᠭᠠᠵᠤ᠂ ᠦᠪᠡᠷ ᠤᠨ ᠪᠣᠳᠤᠯ ᠰᠠᠨᠠᠭ᠎ᠠ ᠪᠠᠨ ᠥᠪᠠᠷᠳᠡᠭᠡᠨ ᠳᠤᠭᠢᠷᠠᠭᠤᠯᠤᠨ᠎ᠠ᠃ ᠲ᠋ᠠᠪᠠ ᠦᠭᠡᠶ ᠣᠴᠢᠷ ᠲᠤᠬᠢᠶᠠᠯᠳᠤᠭᠰᠠᠨ ᠴᠤ ᠯᠠᠪᠳᠠᠭᠤᠨ ᠰᠢ᠌ᠤᠠᠪᠣᠷᠢᠯᠠᠵᠤ᠂ ᠦᠪᠡᠷ ᠢ ᠪᠠᠨ ᠪᠠᠶᠠᠷ ᠪᠠᠶᠠᠰᠤᠯ ᠲᠡᠶ ᠪᠠᠢ᠌ᠯᠭᠠᠬᠤ ᠭᠡᠷᠡᠭ᠍ᠳᠡᠢ᠃
ᠬᠤᠶᠠᠳᠤᠭᠠᠷ ᠲᠤ᠂ ᠳᠠᠮᠢᠷ ᠶᠢᠡᠨ ᠳᠡᠵᠢᠭᠡᠭᠦ ᠶᠢ ᠴᠢᠬᠤᠯᠠᠴᠢᠯᠠᠨ᠂ ᠪᠠᠶ᠎ᠠ ᠮᠠᠬᠠᠪᠣᠤᠨ ᠶᠢᠡᠨ ᠦᠷᠭᠦᠯᠵᠢ ᠪᠣᠯᠪᠠᠰᠤᠷᠠᠭᠤᠯᠤᠨ᠎ᠠ᠃ ᠢᠳᠠᠷ ᠨᠠᠰᠤᠨ ᠤ ᠭᠦᠮᠦᠰ ᠤᠨ ᠰᠠᠳᠭᠢᠴᠠ ᠥᠳᠡᠯᠭᠦ ᠶᠢ ᠣᠳᠠᠭᠠᠰᠢᠷᠠᠭᠤᠯᠬᠤ ᠳᠤ᠂ ᠪᠠᠶ᠎ᠠ ᠪᠠᠨ ᠪᠣᠯᠪᠠᠰᠤᠷᠠᠭᠤᠯᠬᠤ ᠶᠢ ᠪᠠᠷᠢᠮᠳᠠᠯᠠᠬᠤ ᠪᠣᠯ ᠴᠢᠬᠤᠯᠠ ᠨᠢᠭᠡᠨ ᠠᠷᠭ᠎ᠠ ᠵᠠᠮ ᠮᠦᠨ᠃
ᠭᠤᠷᠪᠠᠳᠤᠭᠠᠷ ᠲᠤ᠂ ᠳᠠᠷᠢᠭᠢ ᠪᠠᠨ ᠢᠯᠡᠭᠦᠤ ᠭᠦᠳᠡᠯᠭᠡᠵᠤ᠂ ᠵᠠᠯᠠᠭᠤ ᠶᠢᠨ ᠴᠤᠭ ᠵᠢᠪᠬᠤᠭ᠎ᠠ ᠪᠠᠨ ᠦᠷᠭᠦᠯᠵᠢ ᠬᠠᠳᠠᠭᠠᠯᠠᠨ᠎ᠠ᠃ ᠭᠡᠷᠪᠡ ᠶᠡᠭᠡ ᠳᠠᠷᠢᠭᠢ ᠦᠳᠡᠯᠪᠠᠯ ᠭᠦᠮᠤᠨ ᠤ ᠹᠢᠽᠢᠤᠯᠤᠭᠢ ᠶᠢᠨ ᠠᠵᠢᠯᠯᠠᠭ᠎ᠠ ᠪᠦᠷ ᠳᠠᠭᠠᠯᠳᠤᠨ ᠥᠳᠡᠯᠳᠡᠭ᠌᠃ ᠡᠳᠡᠭᠡᠷ ᠢ ᠳᠠᠭᠠᠯᠳᠤᠨ ᠭᠦᠮᠤᠨ ᠤ ᠰᠠᠳᠭᠢᠴᠠ ᠪᠠᠰᠠ ᠥᠳᠡᠯᠳᠡᠭ᠌ ᠪᠠᠢ᠌ᠨ᠎ᠠ᠃
ᠳᠦᠷᠪᠠᠳᠦᠭᠡᠷ ᠲᠤ᠂ ᠦᠷᠭᠦᠯᠵᠢ ᠰᠤᠷᠤᠯᠴᠠᠨ ᠳᠠᠮᠢᠷ ᠤᠨ ᠭᠦᠳᠡᠯᠭᠡᠭᠡᠨ ᠳᠤ ᠢᠯᠡᠭᠦᠭᠡᠨ ᠣᠷᠤᠯᠴᠠᠵᠤ᠂ ᠵᠠᠯᠠᠭᠤ ᠨᠠᠰᠤᠨ ᠤ ᠴᠤᠭ ᠵᠤᠯᠢ ᠪᠠᠨ ᠬᠠᠳᠠᠭᠠᠯᠠᠨ᠎ᠠ᠃ ᠡᠨᠠ ᠨᠢ ᠪᠣᠭᠢᠨᠢᠳᠤᠯ ᠢ ᠠᠷᠢᠯᠭᠠᠵᠤ᠂ ᠳᠠᠷᠢᠭᠢ ᠴᠡᠭᠡᠵᠢ ᠶᠢ ᠦᠷᠭᠦᠯᠵᠢ ᠰᠡᠷᠭᠡᠭ᠌ ᠪᠠᠢ᠌ᠯᠭᠠᠳᠠᠭ᠃
ᠳᠠᠪᠣᠳᠤᠭᠠᠷ ᠲᠤ᠂ ᠠᠮᠢᠳᠤᠷᠠᠯ ᠶᠢᠡᠨ ᠳᠦᠷᠢᠮᠵᠢᠯ ᠲᠡᠶ ᠪᠠᠢ᠌ᠯᠭᠠᠵᠤ᠂ ᠠᠵᠢᠯᠯᠠᠵᠤ ᠠᠮᠠᠷᠠᠬᠤ ᠪᠠᠨ ᠳᠤᠭᠢᠷᠠᠭᠤᠯᠤᠨ᠎ᠠ᠃ ᠭᠦᠮᠤᠨ ᠤ ᠠᠮᠢᠳᠤᠷᠠᠯ ᠨᠢ ᠭᠡᠳᠦᠢ ᠳᠦᠷᠢᠮᠵᠢᠯ ᠲᠡᠶ ᠪᠣᠯᠬᠤ ᠳᠤᠳᠤᠮ ᠶᠢᠡᠨ ᠶᠡᠭᠡ ᠳᠠᠷᠢᠭᠢᠨ ᠤ ᠭᠦᠳᠡᠯᠭᠡᠭᠡᠨ ᠨᠢ ᠳᠠᠳᠤᠢ ᠳᠦᠷᠢᠮᠵᠢᠯ ᠲᠡᠶ ᠪᠣᠯᠬᠤ ᠶᠢᠨ ᠣᠯᠠᠮ ᠡᠴᠡ ᠰᠠᠳᠭᠢᠴᠠ ᠶᠢᠨ ᠡᠷᠡᠭᠦᠯ ᠮᠠᠠᠳᠤ ᠶᠢ ᠠᠭᠢᠭᠤᠯᠳᠠᠭ ᠪᠠᠢ᠌ᠨ᠎ᠠ᠃
ᠡᠭᠦᠨ ᠡᠴᠡ ᠭᠠᠳᠠᠨ᠎ᠠ᠂ ᠢᠳᠠᠷ ᠨᠠᠰᠤᠨ ᠤ ᠭᠦᠮᠦᠰ ᠠᠷᠢᠭᠢᠨ ᠳᠤ ᠰᠤᠭᠳᠤᠬᠤ᠂ ᠳᠠᠮᠠᠭᠢ ᠳᠠᠳᠠᠬᠤ ᠶᠢ ᠴᠡᠭᠡᠷᠯᠡᠭᠦ ᠶᠢᠨ ᠳᠠᠭᠠᠤ ᠪᠠᠰᠠ ᠨᠢᠭᠡᠮᠦᠰᠤᠨ ᠠᠮᠠᠷᠠᠬᠤ ᠶᠢ ᠪᠠᠰᠠ ᠴᠡᠭᠡᠷᠯᠡᠭᠦ ᠭᠡᠷᠡᠭ᠍ᠳᠡᠢ᠃
ᠵᠤᠬᠢᠶᠠᠭᠴᠢ ᠶᠢᠨ ᠬᠠᠶᠢᠭ ᠄ ᠠᠯᠠᠱᠠ ᠷᠠᠳᠢᠤ᠋ ᠬᠤᠷᠢᠶ᠎ᠠ
ᠵᠤᠬᠢᠶᠠᠭᠴᠢ᠄ ᠸᠠᠩᠴᠢᠨ ᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠡᠷᠡᠭᠦᠯ ᠡᠩᠬᠡᠳᠠᠷᠤᠮ᠄ 16314
ᠴᠠᠭ᠄ 2011 ᠤᠨ ᠤ 10 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ