ᠨᠡᠪᠲᠡᠷᠡᠨ ᠤᠷᠤᠬᠤ
ᠬᠤᠭᠤᠷ

ᠡᠪᠦᠭᠡ ᠡᠴᠡ ᠬᠣᠢ᠌ᠰᠢ ᠬᠠᠢ᠌ᠷᠠᠳᠠᠢ ᠬᠤᠭᠤᠷ ᠨᠢ

ᠡᠯᠭᠦᠭᠡᠰᠦᠳᠡᠢ ᠭᠡᠪ ᠶᠢᠡᠷ

ᠳᠠᠩᠴᠢ ᠣᠳᠠᠯ᠎ᠠ

ᠬᠤᠭᠤᠷᠳᠠᠬᠤ ᠶᠢ ᠪᠠᠢ᠌ᠳᠤᠭᠠᠢ

ᠬᠠᠭᠤᠴᠢᠨ ᠡᠳ᠋ ᠳ᠋ᠠ ᠭᠡᠵᠤ

ᠳᠤᠭᠤᠰᠤ ᠶᠢ ᠨᠢ ᠴᠤ ᠭᠦᠪᠢᠭᠦ

ᠳᠤᠮᠤᠭ᠎ᠠ ᠦᠭᠡᠶ ᠶᠠᠪᠣᠭᠰᠠᠨ ᠡ ᠪᠢ

ᠳᠤᠯᠤᠭᠠᠢ ᠳᠤ ᠪᠠᠨ ᠶᠠᠭᠤ ᠪᠢᠰᠢᠯᠭᠠᠪᠠ

ᠳᠤᠭᠠᠯᠠᠬᠤ ᠴᠠᠭᠠᠨ ᠮᠥᠩᠭᠦ ᠦᠦ ᠭᠡᠵᠤ

ᠪᠣᠷᠭᠠᠰᠤᠨ ᠳᠠᠰᠢᠭᠤᠷ ᠪᠠᠷᠢᠨ ᠢᠷᠠᠵᠤ

ᠪᠣᠭᠤᠷᠤᠯ ᠡᠪᠦᠭᠡ ᠮᠢᠨᠢ ᠵᠠᠩᠳᠤᠷᠬᠤ ᠮᠠᠳᠤ ᠡ

ᠬᠤᠭᠤᠷᠳᠠᠵᠤ ᠰᠠᠭᠤᠳᠠᠭ

ᠳᠦᠷᠢ ᠨᠢ ᠬᠠᠷᠠᠭᠳᠠᠬᠤ ᠪᠠᠷ

ᠬᠤᠷᠤᠭᠤ ᠨᠢ ᠳᠤᠬᠤᠨ ᠳᠡᠭᠡᠷ᠎ᠡ

ᠨᠢᠰᠠᠯᠬᠤ ᠰᠢᠭ ᠡ

ᠪᠠᠢ᠌ᠭᠤᠯᠬᠤ ᠦᠭᠡᠶ ᠬᠠᠮᠠᠭᠠᠯᠠᠬᠤ ᠦᠭᠡᠶ ᠪᠠᠢ᠌ᠵᠤ

ᠪᠠᠶᠠᠨ ᠳᠤᠩᠭ᠋ᠠᠯᠠᠭ ᠨᠤᠳᠤᠭ ᠶᠢᠡᠨ

ᠳᠠᠯᠭᠢᠵᠤ ᠳᠠᠭᠤᠰᠬᠤ ᠨᠢ ᠦᠦ ᠭᠡᠭᠦ ᠮᠠᠳᠤ ᠡ

ᠳᠡᠭᠡᠳᠦᠯᠡᠭᠦ ᠦᠭᠡᠶ ᠬᠠᠢ᠌ᠷᠠᠯᠠᠬᠤ ᠦᠭᠡᠶ ᠪᠠᠢ᠌ᠵᠤ

ᠳᠡᠯᠭᠡᠷ ᠮᠤᠩᠭ᠋ᠤᠯ ᠰᠤᠶᠤᠯ ᠶᠢᠡᠨ

ᠮᠠᠷᠳᠠᠵᠤ ᠣᠷᠭᠢᠬᠤ ᠨᠢ ᠦᠦ ᠭᠡᠭᠦ ᠰᠢᠭ᠌ ᠡ

ᠬᠠᠩᠭᠢᠨᠠᠳᠠᠭ᠂ ᠭᠦᠩᠭᠢᠨᠡᠳᠡᠭ᠌ ᠬᠤᠭᠤᠷ ᠤᠨ ᠭᠢᠨᠢ

ᠭᠢᠯᠭᠠᠰᠤᠨ ᠣᠳᠠᠰᠤ

ᠬᠠᠯᠢᠭᠰᠠᠨ ᠨᠢᠭᠡ ᠪᠣᠭᠤᠷᠤᠯ ᠠᠭᠤᠯᠠ ᠶᠢᠨ

ᠳᠠᠰᠤᠷᠠᠰᠢ ᠦᠭᠡᠶ

ᠠᠮᠢᠰᠬᠤᠭ᠎ᠠ ᠶᠤᠮ ᠪᠠᠢ᠌ᠯ᠎ᠠ

ᠳᠠᠯ᠎ᠠ ᠰᠢᠭ ᠠᠭᠤᠵᠢᠮ

ᠡᠨᠡ ᠠᠮᠢᠰᠬᠤᠯ ᠢ ᠳᠠᠨᠢ

ᠵᠠᠯᠭᠠᠨ ᠠᠪᠴᠤ

ᠳᠠᠳᠠᠭᠠᠯᠵᠠᠯ ᠦᠭᠡᠶ ᠪᠠᠷ ᠪᠢ

ᠢᠷᠠᠭᠤ ᠨᠠᠢ᠌ᠷᠠᠭ ᠤᠨ ᠬᠤᠭᠤᠷ ᠢ

ᠰᠤᠩᠭ᠋ᠤᠯ᠎ᠠ ᠰᠢᠤ

ᠡᠪᠦᠭᠡ ᠮᠢᠨᠢ ᠡ

ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2009 ᠤᠨ ᠤ 02 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ