ᠨᠡᠪᠲᠡᠷᠡᠨ ᠤᠷᠤᠬᠤ
ᠳᠡᠭᠡᠳᠤ ᠮᠤᠩᠭ᠋ᠤᠯ ᠤᠨ ᠢᠨᠠᠭ ᠤᠨ ᠳᠠᠭᠤᠤ

ᠡᠴᠡᠭᠡᠨ ᠬᠠᠯᠠᠭ ᠶᠠᠭᠠᠭᠢᠯ᠎ᠠ

ᠡᠷᠭᠢᠭᠦᠤ ᠪᠠᠭ᠎ᠠ ᠶᠢᠨ ᠠᠶᠤᠯ ᠪᠣᠢ

ᠬᠠᠯᠠᠭ ᠡᠴᠡᠭᠡᠨ ᠶᠠᠭᠠᠬᠢᠯ᠎ᠠ

ᠬᠠᠷ᠎ᠠ ᠪᠠᠭ᠎ᠠ ᠶᠢᠨ ᠠᠶᠤᠯ ᠪᠣᠢ

ᠰᠠᠢ᠌ᠨ ᠪᠠᠢ᠌ᠭᠠᠤᠨ ᠰᠠᠭᠠᠷᠠᠬᠤ ᠣᠷᠤᠨ ᠳ᠋ᠤ

ᠰᠠᠢ᠌ᠷᠭᠠᠯ ᠪᠠᠢ᠌ᠭᠠᠤᠨ ᠣᠷᠤᠰᠳᠠᠭ ᠦᠭᠡᠶ ᠪᠣᠢ

ᠡᠭᠦᠷ ᠪᠠᠢ᠌ᠭᠠᠤᠨ ᠣᠭᠤᠷᠠᠬᠤ ᠶᠢᠨ ᠣᠷᠤᠨ ᠳ᠋ᠤ

ᠣᠯᠢᠶᠠᠰᠤ ᠪᠠᠢ᠌ᠭᠠᠤᠨ ᠬᠤᠭᠤᠷᠠᠳᠠᠭ ᠦᠭᠡᠶ ᠪᠣᠢ

ᠵᠠᠮ ᠦᠭᠡᠶ ᠶᠢᠨ ᠭᠠᠵᠠᠷ ᠳᠤ

ᠽᠠᠠᠳᠠᠨ ᠣᠷᠭᠤᠭᠠᠤᠨ ᠶᠠᠭᠠᠭᠢᠬᠤ ᠪᠣᠢ

ᠵᠠᠶᠠᠭ᠎ᠠ ᠦᠭᠡᠶ ᠶᠢᠨ ᠴᠢᠮ᠎ᠠ ᠳ᠋ᠤ

ᠰᠡᠳᠭᠢᠯ ᠪᠠᠢ᠌ᠭᠠᠤᠨ ᠶᠠᠭᠠᠭᠢᠬᠤ ᠪᠣᠢ

ᠣᠰᠤ ᠦᠭᠡᠶ ᠭᠠᠵᠠᠷ ᠳᠤ

ᠡᠪᠠᠰᠤ ᠣᠷᠭᠤᠭᠠᠤᠨ ᠶᠠᠭᠠᠭᠢᠬᠤ ᠪᠣᠢ

ᠣᠷᠢᠳᠤ ᠦᠭᠡᠶ ᠴᠢᠮ᠎ᠠ ᠳ᠋ᠤ

ᠰᠡᠳᠭᠢᠯ ᠳᠤᠰᠤᠭᠠᠤᠨ ᠶᠠᠭᠠᠭᠢᠬᠤ ᠪᠣᠢ

ᠶᠠᠪᠣᠶ᠎ᠠ ᠭᠡᠰᠡᠨ ᠥᠭᠡ ᠪᠣᠢ

ᠶᠠᠩᠪᠣᠤ ᠴᠠᠭᠠᠨ ᠭᠢᠯᠢᠩ ᠪᠣᠢ

ᠰᠠᠭᠤᠶ᠎ᠠ ᠭᠡᠰᠡᠨ ᠥᠭᠡ ᠪᠣᠢ

ᠰᠤᠪ ᠲᠡᠶ ᠭᠦᠷᠡᠩ ᠯᠠᠪᠠᠰᠢᠭ ᠪᠣᠢ

ᠣᠷᠭᠤᠶ᠎ᠠ ᠭᠡᠰᠡᠨ ᠥᠭᠡ ᠪᠣᠢ

ᠣᠷᠤᠰ ᠭᠦᠭᠡ ᠮᠠᠯᠠᠭᠠᠢ ᠪᠣᠢ

ᠪᠣᠷᠤᠭᠤ ᠵᠠᠩ ᠶᠢᠡᠷ ᠰᠠᠯᠤᠭᠰᠠᠨ ᠥᠭᠡᠢ

ᠪᠠᠭᠤᠷᠢ ᠶᠢᠨ ᠡᠷᠭᠡ ᠪᠠᠷ ᠰᠠᠯᠪᠠ

ᠨᠥᠭᠦᠷ ᠤᠨ ᠮᠠᠭᠤ ᠪᠠᠷ ᠰᠠᠯᠤᠭᠰᠠᠨ ᠥᠭᠡᠢ

ᠨᠤᠳᠤᠭ ᠤᠨ ᠡᠷᠭᠡ ᠪᠠᠷ ᠰᠠᠯᠪᠠ

ᠬᠤᠵᠢᠭᠠᠷ ᠵᠠᠩ ᠶᠢᠡᠷ ᠰᠠᠯᠤᠭᠰᠠᠨ ᠥᠭᠡᠢ

ᠬᠠᠭᠠᠯᠭ᠎ᠠ ᠶᠢᠨ ᠡᠷᠭᠡ ᠪᠠᠷ ᠰᠠᠯᠪᠠ

ᠰᠠᠯᠬᠤ ᠶᠢᠨ ᠮᠠᠭᠤ ᠪᠠᠷ ᠰᠠᠯᠪᠠ

ᠰᠠᠷᠯᠤᠭ ᠤᠨ ᠡᠷᠭᠡ ᠪᠠᠷ ᠰᠠᠯᠪᠠ

ᠬᠤᠯᠤᠰᠤᠨ ᠴᠠᠭᠠᠭᠤᠷ ᠪᠣᠯᠳᠠᠯ᠎ᠠ ᠭᠡᠳᠡᠭ᠌ ᠦᠨᠡᠨ ᠪᠣᠢ

ᠬᠤᠷᠤᠭᠤᠪᠴᠢ ᠪᠦᠯᠡᠵᠡᠩ ᠶᠢᠡᠨ ᠰᠤᠯᠢᠯ᠎ᠠ ᠭᠡᠳᠡᠭ᠌ ᠦᠨᠡᠨ ᠪᠣᠢ

ᠪᠣᠳᠠ ᠶᠢᠨ ᠴᠠᠭᠠᠭᠤᠷ ᠪᠣᠯᠳᠠᠯ᠎ᠠ ᠭᠡᠳᠡᠭ᠌ ᠦᠨᠡᠨ ᠪᠣᠢ

ᠪᠠᠭᠤᠤ ᠪᠦᠯᠡᠵᠡᠩ ᠶᠢᠡᠨ ᠰᠤᠯᠢᠯ᠎ᠠ ᠭᠡᠳᠡᠭ᠌ ᠦᠨᠡᠨ ᠪᠣᠢ

ᠳᠠᠰ ᠡᠷᠭᠢᠮ᠎ᠡ ᠬᠠᠳᠠᠨ ᠳ᠋ᠤ

ᠳᠠᠷᠢᠶ᠎ᠠ ᠶᠠᠭᠠᠭᠢᠭᠠᠤᠨ ᠳᠠᠷᠢᠬᠤ ᠪᠣᠢ

ᠳᠠᠨᠢᠯ ᠪᠣᠯᠤᠭᠰᠠᠨ ᠴᠢᠮ᠎ᠠ ᠪᠠᠨ

ᠮᠠᠷᠳᠠᠨ᠎ᠠ ᠭᠡᠭᠦ ᠶᠠᠭᠤᠮ᠎ᠠ ᠪᠠᠢ᠌ᠳᠠᠭ ᠪᠣᠢ

ᠰᠡᠷᠡᠭᠡ ᠳᠡᠮᠡᠭᠡ ᠰᠡᠭᠡᠯᠡᠭᠦᠯᠳᠡᠭ᠌

ᠰᠠᠷᠳᠠᠩ ᠮᠠᠢ᠌ᠬᠠᠢ ᠶᠢᠨ ᠱᠠᠯᠠ ᠪᠣᠢ

ᠰᠡᠳᠭᠢᠯ ᠰᠠᠨᠠᠭ᠎ᠠ ᠶᠢ ᠵᠤᠪᠠᠭᠠᠳᠠᠭ

ᠴᠢ ᠶᠤᠷᠤ ᠶᠢᠨ ᠣᠷᠰᠢᠭ ᠪᠣᠢ

ᠳᠤᠷᠤᠮ ᠳᠡᠮᠡᠭᠡ ᠳᠠᠪᠠᠯᠠᠭᠤᠯᠳᠠᠭ

ᠳᠤᠤᠷᠠᠢ ᠮᠠᠢ᠌ᠬᠠᠢ ᠶᠢᠨ ᠱᠠᠯᠠ ᠪᠣᠢ

ᠳᠤᠭᠳᠠᠭᠤᠷᠢ ᠪᠠᠶ᠎ᠠ ᠶᠢ ᠵᠤᠪᠠᠭᠠᠳᠠᠭ

ᠴᠢ ᠶᠠᠷᠤ ᠶᠢᠨ ᠣᠷᠰᠢᠭ ᠪᠣᠢ

ᠳᠠᠷᠢᠮ ᠬᠠᠳᠠ ᠶᠢᠨ ᠢᠷᠤᠭᠠᠯ ᠳ᠋ᠤ

ᠳᠡᠮᠡᠭᠡ ᠮᠠᠯ ᠮᠢᠨᠢ ᠳᠤᠭᠳᠠᠨ᠎ᠠ

ᠳᠠᠷᠠ ᠴᠢᠮ᠎ᠠ ᠪᠠᠨ ᠭᠡᠭᠦ ᠳ᠋ᠤ

ᠳᠠᠰᠴᠤ ᠰᠠᠭᠤᠬᠤ ᠪᠠᠨ ᠣᠭᠤᠷᠠᠯ᠎ᠠ

ᠥᠭᠡᠷ ᠴᠢᠯᠠᠭᠤᠨ ᠤ ᠢᠷᠤᠭᠠᠯ ᠳ᠋ᠤ

ᠥᠭᠡᠷ ᠮᠠᠯ ᠮᠢᠨᠢ ᠳᠤᠭᠳᠠᠨ᠎ᠠ

ᠦᠨᠡᠨ ᠴᠢᠮ᠎ᠠ ᠪᠠᠨ ᠭᠡᠭᠦ ᠳ᠋ᠤ

ᠣᠢ᠌ᠯᠠ ᠪᠠᠨ ᠭᠢᠭᠦ ᠪᠠᠨ ᠣᠭᠤᠷᠠᠯ᠎ᠠ

ᠵᠢᠭᠠᠬᠠᠨ ᠰᠢᠷ᠎ᠠ ᠮᠤᠷᠢ ᠨᠢ

ᠵᠠᠮ ᠶᠢᠡᠨ ᠠᠯᠳᠠᠭᠠᠤᠨ ᠪᠠᠢ᠌ᠨ᠎ᠠ

ᠵᠠᠭᠢᠳᠠᠯ ᠢᠷᠡᠭᠦ ᠶᠢᠨ ᠨᠢᠭᠡ

ᠵᠠᠩ ᠴᠢᠨᠢ ᠬᠤᠪᠢᠷᠠᠭᠠᠤᠨ ᠪᠠᠢ᠌ᠨ᠎ᠠ

ᠨᠠᠷᠢᠨ ᠭᠡᠭᠡᠷ ᠮᠤᠷᠢ ᠪᠠᠨ

ᠨᠢ᠋ᠮᠠᠨ ᠬᠤᠨᠤᠭ ᠰᠣᠢ᠌ᠯ᠎ᠠ

ᠨᠠᠮ᠎ᠠ ᠶᠢ ᠳᠠᠭᠠᠭᠠᠤᠨ ᠶᠠᠪᠣᠨ᠎ᠠ ᠤᠤ

ᠨᠠᠮ ᠯᠠ ᠰᠠᠭᠤᠵᠤ ᠬᠤᠴᠤᠷᠠᠨ᠎ᠠ ᠤᠤ

ᠪᠣᠰᠤᠭ᠎ᠠ ᠳᠠᠯᠠᠳᠤ ᠪᠣᠷᠤ ᠨᠢ

ᠪᠣᠯᠤᠨ᠎ᠠ ᠭᠡᠳᠡᠯ᠎ᠡ ᠳᠠᠰᠢᠨ᠎ᠡ

ᠪᠣᠯᠤᠨ᠎ᠠ ᠭᠡᠰᠡᠨ ᠰᠡᠳᠭᠢᠯ ᠴᠢᠨᠢ

ᠪᠠᠷᠠᠭᠤᠨ ᠠᠭᠤᠯᠠ ᠪᠠᠷ ᠳᠠᠪᠠᠪᠠ

ᠯᠠᠮᠠ᠂ ᠯᠠᠮᠠ᠂ ᠯᠠᠮᠠ ᠵᠤ᠋

ᠬᠤᠴᠢᠯᠭ᠎ᠠ ᠦᠭᠡᠶ ᠪᠠᠷ ᠶᠠᠭᠠᠭᠢᠬᠤ ᠪᠣᠢ

ᠭᠡᠮ ᠦᠭᠡᠶ᠂ ᠭᠡᠮ ᠦᠭᠡᠶ᠂ ᠭᠡᠮ ᠦᠭᠡᠶ ᠵᠤ᠋

ᠣᠷᠭᠢᠮᠵᠢ ᠱᠠᠠᠳᠠᠪ ᠰᠠᠢ᠌ᠳᠠᠢ ᠪᠢᠯᠠ ᠵᠤ᠋

ᠯᠠᠮᠠ᠂ ᠯᠠᠮᠠ᠂ ᠯᠠᠮᠠ ᠵᠤ᠋

ᠬᠠᠢ᠌ᠰᠤ ᠦᠭᠡᠶ ᠪᠠᠷ ᠶᠠᠭᠠᠭᠢᠬᠤ ᠪᠣᠢ

ᠭᠡᠮ ᠦᠭᠡᠶ᠂ ᠭᠡᠮ ᠦᠭᠡᠶ᠂ ᠭᠡᠮ ᠦᠭᠡᠶ ᠵᠤ᠋

ᠵᠠᠷᠽᠠ ᠶᠢᠨ ᠳᠠᠪᠴᠢ ᠯᠠ ᠪᠢᠯᠠ

ᠳᠡᠭᠡᠭᠦᠷ ᠨᠢᠰᠦᠭ᠍ᠰᠡᠨ ᠭᠠᠯᠠᠭᠤᠨ ᠳ᠋ᠤ

ᠳᠡᠭᠡᠰᠤ ᠬᠠᠶᠠᠭᠠᠤᠨ ᠭᠦᠷᠭᠦ ᠥᠭᠡᠢ

ᠳᠠᠪᠠᠯ ᠶᠢᠡᠨ ᠴᠢᠷᠦᠭ᠍ᠰᠡᠨ ᠯᠠᠮᠠ ᠳ᠋ᠤ

ᠰᠡᠳᠭᠢᠯ ᠳᠤᠰᠤᠭᠠᠤᠨ ᠶᠠᠭᠠᠭᠢᠬᠤ ᠪᠣᠢ

ᠮᠠᠢ᠌ᠷᠠᠭ ᠬᠠᠯᠵᠠᠨ ᠮᠠᠮᠤ ᠨᠢ

ᠮᠠᠢ᠌ᠯᠠᠬᠤ ᠶᠢᠨ ᠳᠠᠭ ᠢᠷᠠᠪᠠ

ᠮᠠᠳᠠᠭᠠᠷ ᠭᠦᠭᠡ ᠪᠦᠰᠡᠭᠦᠢ ᠨᠢ

ᠪᠣᠭᠰᠤᠬᠤ ᠶᠢᠨ ᠳᠠᠭ ᠢᠷᠠᠪᠠ

ᠬᠤᠳᠤᠭᠤᠷ ᠴᠠᠭᠠᠨ ᠬᠤᠨᠢ ᠴᠢᠨᠢ

ᠬᠠᠮᠠᠷ ᠶᠢᠡᠨ ᠳᠠᠭᠠᠭᠠᠤᠨ ᠪᠠᠯᠴᠢᠪᠠ

ᠬᠤᠩᠭ᠋ᠤᠷ ᠴᠢ ᠮᠠᠨ ᠬᠤᠶᠠᠷ

ᠬᠤᠳᠤᠭᠤᠷ ᠳᠤᠳᠤᠷ᠎ᠠ ᠪᠠᠨ ᠬᠤᠴᠤᠷᠤᠯ᠎ᠠ

ᠭᠦᠭᠡ ᠴᠤᠬᠤᠷ ᠮᠠᠯ ᠴᠢᠨᠢ

ᠭᠦᠷᠮ᠎ᠡ ᠪᠡᠨ ᠳᠠᠭᠠᠭᠠᠤᠨ ᠪᠠᠯᠴᠢᠪᠠ

ᠭᠦᠭᠡᠷᠦᠭᠦᠨ ᠪᠠᠭ᠎ᠠ ᠮᠠᠨ ᠬᠤᠶᠠᠷ

ᠭᠦᠳᠦᠷᠡᠯᠳᠦᠭᠡᠳ ᠰᠠᠭᠤᠭᠠᠤᠨ ᠬᠤᠴᠤᠷᠤᠯ᠎ᠠ

ᠬᠠᠷ᠎ᠠ ᠴᠤᠬᠤᠷ ᠮᠠᠯ ᠴᠢᠨᠢ

ᠬᠠᠮᠠᠷ ᠶᠢᠡᠨ ᠳᠠᠭᠠᠭᠠᠤᠨ ᠪᠠᠯᠴᠢᠪᠠ

ᠬᠠᠷ᠎ᠠ ᠪᠠᠭ᠎ᠠ ᠬᠤᠶᠠᠷ ᠨᠢ

ᠬᠠᠮᠳᠤ ᠭᠡᠪᠳᠡᠭᠡᠳ ᠬᠤᠴᠤᠷᠤᠯ᠎ᠠ

ᠨᠤᠭᠤᠭᠠᠨ ᠳᠠᠩ ᠤᠨ ᠳᠠᠤᠯᠠᠢ ᠵᠢ

ᠨᠤᠬᠠᠢ ᠭᠦᠭᠡᠭᠡᠳ ᠵᠢᠯᠢᠪᠠ

ᠨᠤᠶᠠᠨ ᠰᠠᠩ ᠤᠨ ᠭᠡᠦᠭᠡᠨ ᠢ

ᠭᠦᠪᠠᠭᠦᠨ ᠭᠦᠭᠡᠭᠡᠳ ᠵᠢᠯᠢᠪᠠ

ᠳᠠᠩ ᠤᠨ ᠴᠠᠭᠠᠨ ᠰᠠᠯᠭᠢᠨ ᠨᠢ

ᠳᠠᠪᠠᠯ ᠭᠡᠢ᠌ᠰᠭᠡᠭᠡᠳ ᠪᠠᠢ᠌ᠨ᠎ᠠ

ᠭᠦᠳᠦᠷᠡᠭᠡᠳ ᠭᠡᠪᠳᠡᠭ᠍ᠰᠡᠨ ᠮᠠᠨ ᠬᠤᠶᠠᠷ ᠨᠢ

ᠭᠦᠯᠳᠡᠭᠡᠳ ᠳᠡᠰᠭᠦ ᠶᠤᠮ ᠦᠭᠡᠶ ᠪᠠᠢ᠌ᠨ᠎ᠠ

ᠢᠮᠠᠭᠠᠨ ᠬᠤᠢ ᠰᠠᠯᠭᠢᠨ ᠨᠢ

ᠶᠠᠭᠠᠭᠢᠭᠰᠠᠭᠠᠷ ᠡᠢ᠌ᠮᠤ ᠭᠦᠢᠳᠡᠨ ᠪᠣᠢ

ᠶᠠᠩᠳᠠᠭᠠᠨ ᠳᠤᠳᠤᠷ ᠯᠠᠪᠠᠰᠢᠭ

ᠶᠠᠭᠠᠭᠢᠭᠠᠤᠨ ᠦᠷᠡᠭᠡᠭ᠍ᠰᠡᠨ ᠪᠣᠢ

ᠢᠷᠭᠡ ᠶᠢᠨ ᠠᠷᠠᠰᠤ ᠢᠯᠵᠢᠯᠡᠳᠡᠭ᠌

ᠢᠷᠠᠭ ᠮᠠᠭᠤᠳᠠᠢ ᠬᠤᠶᠠᠷ ᠪᠣᠢ

ᠰᠡᠷᠭᠡ ᠶᠢᠨ ᠠᠷᠠᠰᠤ ᠢᠯᠵᠢᠯᠡᠳᠡᠭ᠌

ᠰᠠᠪᠳᠠᠷ ᠮᠠᠭᠤᠳᠠᠢ ᠬᠤᠶᠠᠷ ᠪᠣᠢ

ᠢᠮᠠᠭᠠᠨ ᠠᠷᠠᠰᠤ ᠢᠯᠵᠢᠯᠡᠳᠡᠭ᠌

ᠶᠠᠭ ᠪᠢᠳᠠ ᠬᠤᠶᠠᠷ

ᠶᠠᠭᠠᠭᠢᠭᠠᠤᠨ ᠡᠢ᠌ᠮᠤ ᠶᠡᠭᠡ

ᠣᠰᠤ ᠲᠡᠶ ᠶᠤᠮ ᠪᠠᠢ᠌ᠭᠰᠠᠨ ᠪᠣᠢ




ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠳᠡᠯᠡᠭᠡᠢ ᠬᠤᠳᠠ ᠶᠢᠨ ᠮᠤᠩᠭ᠋ᠤᠯ ᠰᠤᠷᠭᠠᠭᠤᠯᠢ

ᠵᠤᠬᠢᠶᠠᠭᠴᠢ᠄ ᠸ·ᠦᠯᠵᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7423
ᠴᠠᠭ᠄ 2011 ᠤᠨ ᠤ 12 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ