ᠨᠡᠪᠲᠡᠷᠡᠨ ᠤᠷᠤᠬᠤ
ᠣᠳᠤ ᠦᠶ᠎ᠡ ᠶᠢᠨ ᠮᠤᠩᠭᠤᠯ ᠭᠦᠮᠤᠨ

ᠬᠤᠶᠠᠷ ᠮᠤᠩᠭ᠋ᠤᠯ ᠠᠭᠤᠯᠵᠠᠪᠠᠯ

ᠨᠢᠭᠡ ᠯᠤᠩᠬᠤ ᠳᠤᠩᠭ᠋ᠣᠢ᠌ᠨ᠎ᠠ᠂

ᠬᠤᠶᠠᠷ ᠭᠡᠮ ᠣᠷᠤᠪᠠᠯ

ᠨᠢᠭᠡ ᠰᠢᠷᠡᠭᠡ ᠳᠠᠷᠬᠠᠨ᠎ᠠ᠃

ᠬᠤᠰᠢᠭᠤ ᠠᠮᠠ ᠨᠢ ᠱᠤᠷᠤ

ᠬᠤᠰᠭᠢᠨᠠᠭ ᠢ ᠬᠤᠴᠢᠯᠠᠵᠤ ᠬᠠᠳᠬᠤᠨ᠎ᠠ᠂

ᠬᠠᠷᠠᠬᠤ ᠨᠢᠳᠤ ᠨᠢ ᠰᠤᠬᠤᠷ

ᠬᠠᠷ᠎ᠠ ᠴᠠᠭᠠᠨ ᠢ ᠬᠤᠤᠠᠬᠤᠯᠳᠤᠭᠤᠯᠤᠨ᠎ᠠ᠃

ᠥᠰᠦᠭ᠍ᠰᠡᠨ ᠨᠢᠭᠡ ᠮᠤᠩᠭ᠋ᠤᠯ ᠶᠢᠡᠨ

《ᠢᠯᠠᠴᠢᠯᠠᠵᠤ》 ᠪᠠᠢ᠌ᠭᠰᠠᠭᠠᠷ ᠣᠨᠠᠭᠠᠨ᠎ᠠ᠂

ᠥᠨᠢᠷᠵᠢᠭ᠍ᠰᠡᠨ ᠨᠢᠭᠡ ᠮᠤᠩᠭ᠋ᠤᠯ ᠶᠢᠡᠨ

《ᠢᠳᠡᠭ᠍ᠰᠡᠭᠡᠷ》 ᠪᠠᠢ᠌ᠵᠤ ᠬᠤᠮᠠᠬᠠᠢ᠌ᠷᠠᠭᠤᠯᠤᠨ᠎ᠠ᠃

ᠰᠤᠮᠤ ᠢᠯᠭᠠᠵᠤ ᠳᠤᠰᠬᠠᠢ᠌ᠵᠢᠨ᠎ᠠ

ᠰᠠᠯᠭᠢ ᠳᠠᠭᠠᠵᠤ ᠭᠡᠯᠡᠭᠡᠢ᠌ᠵᠢᠨ᠎ᠡ᠂

ᠰᠤᠶᠤᠯ ᠶᠢᠡᠨ ᠮᠠᠷᠳᠠᠵᠤ ᠰᠠᠭᠠᠷᠮᠠᠭᠵᠢᠨ᠎ᠠ

ᠰᠠᠳᠤ ᠦᠷ᠎ᠡ ᠪᠠᠷ ᠴᠥᠭᠡᠷᠡᠨ᠎ᠡ᠃

ᠰᠠᠬᠠᠯ ᠳᠠᠯᠪᠢᠵᠤ ᠬᠠᠷᠢᠵᠢᠨ᠎ᠠ

ᠰᠠᠪᠬ᠎ᠠ ᠪᠠᠷᠢᠵᠤ ᠳᠤᠳᠤᠷᠵᠢᠨ᠎ᠠ᠂

ᠰᠠᠭᠢᠯ ᠠᠯᠳᠠᠵᠤ ᠣᠠᠳᠤᠤᠰᠢᠨ᠎ᠠ

ᠰᠠᠭᠠᠯᠢ ᠶᠢᠨ ᠦᠨᠦᠷ ᠡᠴᠡ ᠬᠤᠯᠠᠵᠢᠨ᠎ᠠ᠃

ᠮᠤᠩᠭ᠋ᠤᠯ ᠭᠡᠷ ᠬᠠᠩᠬᠠᠢ᠌ᠷᠠᠨ᠎ᠠ

ᠮᠤᠷᠢᠨ ᠤ ᠳᠤᠭᠤᠰᠤ ᠰᠢᠩᠭᠡᠷᠡᠨ᠎ᠡ᠂

ᠮᠠᠰᠢᠨ ᠳᠠᠷᠢᠭᠢ ᠨᠤᠶᠠᠯᠠᠨ᠎ᠠ

ᠮᠠᠨᠠᠨ ᠳᠤ ᠪᠦᠭᠦᠨ ᠪᠦᠳᠡᠭᠢᠷᠡᠨ᠎ᠡ᠁

ᠶᠠᠰᠤᠨ ᠳ᠋ᠤᠨᠢ ᠪᠠᠢ᠌ᠨᠠᠤ ᠴᠢᠰᠤᠨ ᠳ᠋ᠤᠨᠢ ᠪᠠᠢ᠌ᠨᠠᠤ

ᠶᠠᠭ ᠳᠠᠭᠠᠵᠤ ᠣᠯᠵᠤ ᠴᠢᠳᠠᠭᠰᠠᠨ ᠦᠭᠡᠶ

ᠶᠠᠮᠠᠷ ᠴᠠᠭ ᠲᠤ ᠡᠪᠡᠳᠴᠢᠨ ᠨᠢ ᠡᠳᠡᠭᠡᠳᠡᠭ᠌ ᠢ ᠨᠢ

ᠶᠠᠩᠨᠠᠯ ᠦᠭᠡᠶ ᠭᠡᠯᠡᠪᠠᠯ ᠡᠳᠡᠭᠡᠳᠡᠭ᠌ ᠴᠤ ᠦᠭᠡᠶ ᠪᠣᠯᠤᠯᠳᠠᠢ︕

ᠵᠤᠬᠢᠶᠠᠭᠴᠢ᠄ ᠭᠠᠩᠭ᠋᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2978
ᠴᠠᠭ᠄ 2009 ᠤᠨ ᠤ 06 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ