ᠨᠡᠪᠲᠡᠷᠡᠨ ᠤᠷᠤᠬᠤ
ᠡᠩᠭᠡᠷ ᠤᠨ ᠳᠤᠪᠴᠢ

ᠵᠠᠰᠠᠯ ᠤᠨ ᠰᠠᠢ᠌ᠬᠠᠨ ᠬᠤᠪᠴᠠᠰᠤᠨ ᠤ

ᠵᠠᠬ᠎ᠠ ᠭᠦᠪᠠᠭᠡ ᠪᠠᠷ ᠭᠢᠯᠠᠯᠵᠠᠨ

ᠵᠢᠭᠠᠬᠠᠨ ᠴᠠᠭᠠᠨ ᠬᠤᠷᠤᠭᠤᠳ ᠤᠨ

ᠵᠠᠪᠰᠠᠷ ᠲᠤ ᠳᠤᠭᠯᠠᠨ ᠪᠦᠮᠪᠦᠷᠢᠳᠡᠭ᠌

ᠣᠯᠠᠭᠠᠨ ᠳᠤᠷᠭᠠᠨ ᠬᠤᠪᠴᠠᠰᠤᠨ ᠤ

ᠡᠩᠭᠡᠷ ᠵᠠᠭᠠᠮ᠎ᠠ ᠪᠠᠷ ᠳᠤᠯᠠᠯᠵᠠᠨ

ᠣᠯᠢᠶᠠᠷᠬᠠᠭ ᠵᠠᠩ ᠲᠡᠶ ᠭᠡᠦᠭᠡᠨ ᠤ

ᠣᠷᠠᠨ ᠭᠠᠷ ᠲᠤ ᠳᠤᠭᠯᠠᠳᠠᠭ

ᠢᠰᠭᠡᠷᠡᠭᠦ ᠰᠠᠯᠭᠢᠨ ᠢ ᠬᠤᠷᠢᠭᠯᠠᠬᠤ ᠳ᠋ᠤ

ᠣᠯᠠᠭᠠᠨ ᠳ᠋ᠸᠩ ᠪᠣᠯ ᠡᠩᠭᠡᠷ ᠤᠨ ᠳᠤᠪᠴᠢ

ᠭᠡᠦᠭᠡᠨ ᠪᠠᠶ᠎ᠠ ᠶᠢ ᠬᠠᠯᠬᠠᠯᠠᠬᠤ ᠳ᠋ᠤ

ᠭᠢᠯᠢ ᠶᠢᠨ ᠬᠠᠷᠠᠭᠤᠯ ᠪᠣᠯ ᠡᠩᠭᠡᠷ ᠤᠨ ᠳᠤᠪᠴᠢ

ᠡᠶ᠎ᠡ ᠲᠡᠶ ᠬᠤᠶᠠᠷ ᠲᠤ ᠡᠩᠭᠡᠷ ᠤᠨ ᠳᠤᠪᠴᠢ ᠪᠣᠯ

ᠡᠷᠭᠡ ᠳᠤᠷ᠎ᠠ ᠶᠢᠨ ᠴᠢᠯᠦᠭᠡᠳᠤ ᠬᠠᠭᠠᠯᠠᠭ᠎ᠠ

ᠬᠤᠪᠳᠤᠭ ᠨᠢᠳᠤᠨ ᠳᠤ ᠡᠩᠭᠡᠷ ᠤᠨ ᠳᠤᠪᠴᠢ ᠪᠣᠯ

ᠭᠡᠵᠢᠶᠡᠳᠡ ᠨᠡᠭᠡᠭᠡᠭ᠍ᠳᠡᠭᠦ ᠦᠭᠡᠶ ᠪᠠᠳᠤᠯᠭᠠᠳᠤ ᠣᠨᠢᠰᠤ

ᠬᠤᠳᠠᠯ ᠬᠠᠭᠤᠷᠮᠠᠭ ᠥᠭᠡ ᠰᠤᠨᠤᠰᠪᠠᠯ

ᠳᠦᠯᠡᠢ ᠮᠥᠭᠦ ᠰᠢᠭ᠌ ᠡᠩᠭᠡᠷ ᠤᠨ ᠳᠤᠪᠴᠢ

ᠬᠤᠯᠠᠭᠠᠢ ᠭᠠᠷ ᠰᠢᠷᠭᠤᠯᠠᠨ᠎ᠠ ᠭᠡᠪᠠᠯ

ᠬᠤᠳᠠᠴᠢ ᠨᠤᠬᠠᠢ ᠰᠢᠭ ᠡᠩᠭᠡᠷ ᠤᠨ ᠳᠤᠪᠴᠢ

ᠦᠨᠡᠠᠴᠢ ᠠᠮᠠᠷᠠᠭ ᠨᠢ ᠭᠦᠷᠦᠭᠡᠳ ᠢᠷᠠᠪᠠᠯ

ᠦᠪᠡᠷ ᠶᠢᠡᠨ ᠠᠯᠳᠠᠷᠠᠴᠢᠬᠠᠳᠠᠭ ᠡᠩᠭᠡᠷ ᠤᠨ ᠳᠤᠪᠴᠢ

ᠳᠠᠩᠬᠠᠢ ᠰᠠᠨᠠᠭᠠᠳᠠᠨ ᠭᠦᠴᠦᠷᠭᠡᠨ᠎ᠡ ᠭᠡᠪᠠᠯ

ᠳᠠᠰᠤᠷᠠᠬᠤ ᠡᠴᠡ ᠪᠢᠰᠢ ᠮᠤᠯᠳᠤᠷᠠᠳᠠᠭ ᠦᠭᠡᠶ ᠡᠩᠭᠡᠷ ᠤᠨ ᠳᠤᠪᠴᠢ

ᠠᠯᠳᠠ ᠪᠠᠷ ᠥᠩᠭᠡᠯᠡᠨ᠎ᠡ ᠦᠦ᠂ ᠮᠥᠩᠭᠦ ᠪᠠᠷ ᠴᠢᠤᠠᠬᠤᠨ᠎ᠠ ᠤᠤ

ᠠᠭᠠᠰᠢ ᠵᠠᠩ ᠨᠢ ᠬᠤᠪᠢᠷᠠᠳᠠᠭ ᠥᠭᠡᠢ

ᠬᠤᠷᠭᠤᠢ ᠳᠤ ᠬᠠᠳᠠᠨ᠎ᠠ ᠦᠦ᠂ ᠨᠡᠭᠡᠢ ᠳᠤ ᠵᠡᠭᠦᠨ᠎ᠡ ᠤᠤ

ᠬᠤᠶᠠᠷ ᠡᠩᠭᠡᠷ ᠲᠤ ᠪᠠᠨ ᠣᠰᠤᠯᠳᠠᠳᠠᠭ ᠦᠭᠡᠶ

ᠡᠡᠭ᠌ ᠲᠡᠶ ᠳᠤᠷᠭᠠᠨ ᠬᠤᠪᠴᠠᠰᠤᠨ ᠴᠠᠭᠠᠨ᠎ᠠ

ᠡᠯᠢᠭᠡᠨ ᠬᠠᠢ᠌ᠷ᠎ᠠ᠂ ᠣᠩᠭ᠋ᠤᠨ ᠪᠠᠶ᠎ᠠ ᠪᠣᠢ

ᠡᠨᠡ ᠪᠦᠭᠦᠨ ᠢ ᠣᠯᠤᠶ᠎ᠠ ᠭᠡᠪᠠᠯ

ᠡᠩᠭᠡᠷ ᠤᠨ ᠳᠤᠪᠴᠢᠨ ᠳᠤ ᠦᠨᠡᠠᠴᠢ ᠪᠠᠢ︕

ᠵᠤᠬᠢᠶᠠᠭᠴᠢ᠄ ᠬᠠᠷᠭᠤᠢ
ᠢᠷᠡᠯᠲᠡ᠄ ᠬᠠᠷᠭᠤᠢ ᠢᠮᠸᠯ ᠶᠢᠡᠷ ᠢᠷᠡᠭᠦᠯᠪᠡ
ᠬᠠᠷᠢᠶ᠎ᠠ᠄ ᠰᠢᠯᠦᠭ
ᠳᠠᠷᠤᠮ᠄ 2738
ᠴᠠᠭ᠄ 2009 ᠤᠨ ᠤ 08 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ