☆ ᠪᠠ᠊·ᠤᠳᠬᠤᠠᠪᠠᠭᠠᠳᠤᠷ
ᠳᠡᠮᠡᠭᠡᠴᠢᠨ ᠡᠪᠦᠭᠡᠨ
ᠪᠣᠷᠠᠠᠳᠠᠭ ᠶᠢᠡᠨ ᠥᠭᠡᠢ᠌ᠯᠡᠭ᠍ᠰᠡᠨ
ᠳᠡᠮᠡᠭᠡᠴᠢ ᠡᠪᠦᠭᠡᠨ
ᠪᠣᠷᠤᠭᠠᠨ ᠤ ᠳᠤᠰᠤᠯ ᠢ
ᠭᠤᠶᠤᠵᠤ ᠶᠠᠪᠣᠯ᠎ᠠ
ᠪᠣᠷᠬᠠᠨ ᠣᠷᠤᠨ ᠤ
ᠠᠪᠣᠷᠠᠯ ᠤᠨ ᠭᠡᠰᠢᠭ᠌ ᠢ
ᠠᠯᠠᠭ᠎ᠠ ᠪᠠᠨ ᠳᠤᠰᠴᠤ
ᠮᠦᠷᠭᠦᠵᠤ ᠦᠵᠡᠯ᠎ᠠ
ᠭᠠᠩ ᠤᠨ ᠭᠤᠪᠢ ᠳᠤ
ᠨᠠᠷᠠ ᠰᠢᠳᠠᠨ
ᠭᠠᠵᠠᠷ ᠤᠨ ᠣᠯᠠ ᠡᠴᠠ
ᠣᠴᠢ ᠦᠰᠦᠷᠠᠨᠡ
ᠪᠣᠷᠤᠭᠠᠠᠳᠤ ᠣᠯᠠᠷᠢᠯ ᠤᠨ
ᠵᠡᠭᠦᠳᠤ ᠪᠠᠨ ᠰᠠᠨᠠᠵᠤ
ᠰᠢᠭᠣᠢ᠌ᠳᠤ ᠣᠢ ᠪᠠᠨ
ᠳᠤᠷᠠᠰᠴᠤ ᠰᠠᠭᠤᠯ᠎ᠠ
ᠵᠡᠷᠭᠡᠯᠭᠡᠨ ᠤ ᠬᠤᠯᠠ ᠡᠴᠠ
ᠵᠤᠭᠳᠤᠷᠯᠠᠵᠤ ᠪᠠᠭᠤᠳᠠᠭ
ᠵᠠᠭ ᠤᠨ ᠣᠯᠠᠭᠠᠨ ᠶᠢᠡᠨ
ᠵᠡᠭᠦᠳᠦᠯᠡᠵᠤ ᠬᠤᠨᠤᠨ᠎ᠠ
ᠪᠣᠳᠤᠭᠤ ᠢᠩᠭᠡᠨ
ᠪᠣᠢ᠌ᠯᠠᠭᠠᠨ ᠡᠭᠡᠰᠢᠭ᠌ ᠶᠢᠡᠷ
ᠭᠤᠪᠢ ᠪᠠᠨ ᠰᠡᠷᠭᠦᠭᠡᠳᠡᠭ᠌
ᠡᠭᠡᠰᠢᠭ᠌ ᠶᠢᠡᠨ ᠰᠠᠨᠠᠯ᠎ᠠ
ᠪᠠᠳᠠᠢ ᠶᠢᠨ ᠵᠢᠷᠠᠨ ᠤ
ᠳᠡᠭ᠍ᠷᠢ ᠡᠯᠡᠰᠤ
ᠪᠠᠷᠠᠭᠠᠨ ᠤ ᠬᠤᠯᠠ ᠳᠤ
ᠥᠵᠦᠭᠦᠷ ᠦᠭᠡᠶ
ᠪᠠᠷᠳᠠᠭᠠᠳᠤ ᠦᠨᠳᠦᠷ
ᠣᠷᠭᠢᠯ ᠤᠨ ᠴᠠᠭᠠᠨ᠎ᠠ
ᠨᠤᠭᠤᠭᠠᠨ ᠪᠦᠷᠢᠳᠤ ᠲᠡᠶ ᠪᠠᠨ
ᠬᠤᠨᠤᠭᠰᠢᠳᠠᠭ ᠪᠠᠢ᠌ᠯ᠎ᠠ ︕
ᠪᠣᠷᠠᠠᠳᠠᠭ ᠶᠢᠡᠨ ᠪᠠᠷᠢᠭᠰᠠᠨ
ᠳᠡᠮᠡᠭᠡᠴᠢᠨ ᠡᠪᠦᠭᠡᠨ
ᠡᠷᠢᠯ ᠶᠢᠡᠨ ᠢᠩᠭᠢᠵᠤ
ᠬᠠᠢ᠌ᠳᠠᠭ ᠪᠠᠢ᠌ᠯ᠎ᠠ
ᠣᠷᠴᠢᠯ ᠤᠨ ᠦᠷᠭᠡᠨ
ᠬᠠᠷᠭᠤᠢ ᠳᠤ ᠰᠢᠩᠭᠡᠵᠤ
ᠨᠠᠷᠠ ᠲᠡᠶ ᠪᠠᠨ ᠵᠢᠷᠭᠠᠵᠤ
ᠠᠮᠤᠷᠵᠢᠳᠠᠭ ᠪᠠᠢ᠌ᠬ᠎ᠠ
ᠨᠠᠷᠠ ᠳᠤ ᠪᠣᠷᠤᠯᠠᠭᠰᠠᠨ
ᠴᠢᠷᠠᠢ ᠳᠤ ᠪᠠᠨ ᠢᠨᠢᠶᠡᠮᠰᠦᠭᠯᠡᠵᠤ
ᠪᠦᠷᠢᠳᠤ ᠪᠠᠨ ᠨᠡᠭᠡᠵᠤ
ᠭᠦᠷᠤᠨ᠎ᠡ ᠪᠠᠢ᠌ᠬ᠎ᠠ ᠁
2012 .02 .08
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ
ᠵᠤᠬᠢᠶᠠᠭᠴᠢ᠄ ᠪᠠ᠊·ᠤᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2012 ᠤᠨ ᠤ 02 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ