ᠨᠡᠪᠲᠡᠷᠡᠨ ᠤᠷᠤᠬᠤ
ᠡᠮᠴᠢ ᠭᠦᠮᠤᠨ
ᠥᠭᠦᠯ ᠤᠨ ᠡᠮᠦᠨ᠎ᠡ ᠡᠴᠡ ᠳᠠᠮᠠᠴᠠᠯᠳᠠᠵᠤ ᠪᠠᠢ᠌ᠭ᠎ᠠ ᠣᠢ᠌ᠯᠠᠰ ᠨᠢᠭᠡᠳᠡᠨ ᠳᠡᠭᠡᠨ ᠵᠤᠷᠢᠭᠤᠯᠪᠠ

ᠡᠮᠴᠢ ᠭᠦᠮᠤᠨ

ᠡᠷᠴᠢᠮ ᠨᠢ ᠰᠤᠯᠠᠷᠠᠭᠰᠠᠨ ᠳᠡᠭᠡᠰᠤ ᠰᠢᠭ᠌

ᠡᠷᠡᠮᠰᠢᠯ ᠠᠯᠳᠠᠭᠰᠠᠨ ᠡᠪᠠᠦᠡᠴᠢᠳᠡᠨ ᠢ

ᠡᠷᠯᠢᠭ᠌ ᠤᠨ ᠴᠠᠯᠠᠮ᠎ᠠ ᠡᠴᠡ ᠠᠯᠳᠠᠷᠠᠭᠠᠵᠤ

ᠡᠷᠡᠭᠦᠯ ᠤᠨ ᠢᠯᠴᠢ ᠬᠠᠢ᠌ᠷᠠᠯᠠᠳᠠᠭ ᠪᠢᠯᠠ


ᠡᠮᠴᠢ ᠭᠦᠮᠤᠨ

ᠡᠪᠠᠦᠡᠴᠤ ᠰᠢᠨᠠᠯᠭᠠᠬᠤ ᠶᠢᠨ ᠲᠤᠢ᠌ᠯ ᠳᠤ ᠳᠤᠯᠵᠤ

ᠡᠴᠦᠰ ᠤᠨ ᠠᠮᠢᠰᠬᠤᠭ᠎ᠠ ᠬᠤᠷᠢᠶᠠᠮᠠᠷ ᠠᠮᠢᠳᠠᠨ ᠢ

ᠡᠶᠡᠯᠳᠡᠭ᠌ ᠵᠥᠭᠡᠯᠡᠨ ᠠᠭᠠᠯᠢ ᠪᠠᠷ ᠪᠦᠪᠠᠢ᠌ᠯᠠᠨ

ᠡᠩᠬᠡ ᠶᠢᠨ ᠠᠮᠢᠯᠠᠯ ᠰᠤᠶᠤᠷᠬᠠᠳᠠᠭ ᠪᠢᠯᠠ


ᠡᠮᠴᠢ ᠭᠦᠮᠤᠨ

ᠠᠷᠬᠠᠭ ᠳᠠᠬᠤᠯ ᠡᠴᠡ ᠰᠡᠷᠭᠡᠢ᠌ᠯᠡᠵᠤ

ᠠᠷᠠᠤᠨ ᠣᠯᠠᠨ ᠶᠢᠡᠨ ᠵᠢᠷᠭᠠᠭᠤᠯᠬᠤ ᠶᠢ

ᠠᠷᠢᠭᠤᠨ ᠳᠠᠷᠬᠠᠨ ᠡᠭᠦᠷᠭᠡ ᠭᠡᠵᠤ

ᠠᠮᠢ ᠳᠠᠮᠠᠴᠠᠨ ᠵᠢᠦᠡᠭᠦᠳᠡᠭ᠌ ᠪᠢᠯᠠ


ᠡᠮᠴᠢ ᠭᠦᠮᠤᠨ

ᠵᠥᠭ᠌ ᠶᠢᠡᠨ ᠠᠯᠳᠠᠭᠰᠠᠨ ᠡᠪᠠᠦᠡᠴᠢᠳᠡᠨ ᠢ

ᠵᠡᠭᠦᠤ ᠶᠢᠨ ᠠᠭᠠᠵᠢᠭᠤᠬᠠᠨ ᠳᠤᠰᠤᠯ ᠶᠢᠡᠷ

ᠵᠤᠯᠳᠠᠢ᠌ᠬᠠᠨ ᠠᠮᠢᠯᠠᠭᠤᠯᠵᠤ ᠴᠢᠳᠠᠳᠠᠭ

ᠵᠦᠩ ᠪᠠᠯᠭᠡᠳᠤ ᠰᠠᠭᠢᠭᠤᠯᠰᠤᠨ ᠪᠢᠯᠠ


ᠡᠮᠴᠢ ᠭᠦᠮᠤᠨ

ᠠᠪᠣᠷᠭᠤ ᠡᠨᠡᠭᠦ ᠣᠷᠴᠢᠯᠠᠩ ᠤᠨ

ᠠᠪᠣᠷᠠᠯ ᠤᠨ ᠳᠡᠭᠡᠳᠤ ᠡᠯᠴᠢ ᠪᠢᠯᠠ

ᠠᠷᠠᠤᠨ ᠤᠨ ᠰᠡᠳᠬᠢᠯ ᠳᠤ ᠰᠡᠢ᠌ᠯᠦᠭ᠍ᠳᠡᠭ᠍ᠰᠡᠨ

ᠠᠨᠠᠭᠠᠬᠤ ᠣᠬᠠᠭᠠᠨ ᠤ ᠳᠤᠯᠢ ᠪᠢᠯᠠ


ᠵᠤᠬᠢᠶᠠᠭᠴᠢ ᠶᠢᠨ ᠬᠠᠶ‍ᠢᠭ᠄ ᠾᠸᠵᠢᠩ ᠰᠢᠶᠠᠨ ᠤ ᠦᠯᠵᠢ᠌ᠳᠤ᠊ᠠ᠋ᠭᠤᠯᠠ ᠰᠤᠮᠤᠨ

ᠵᠤᠬᠢᠶᠠᠭᠴᠢ᠄ ᠫᠣ·ᠴᠠᠴᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2657
ᠴᠠᠭ᠄ 2010 ᠤᠨ ᠤ 05 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ