☆ ᠪᠣᠷᠵᠢᠭᠢᠨ ᠷᠢᠠᠴᠢᠨ
ᠤᠷᠭ᠎ᠠ ᠪᠠᠨ ᠳᠤᠯᠤᠨ ᠮᠤᠷᠢᠨ ᠳᠠᠭᠠᠨ ᠮᠤᠷᠳᠠᠬᠤ ᠬᠤᠷᠤᠮᠬᠠᠨ
᠊᠊᠊᠊᠊᠊᠊᠊᠊᠊᠊᠊᠊᠊᠊ ᠪᠠᠶᠠᠭᠤᠳ ᠬᠠᠢ᠌ᠷᠠᠬᠠᠨ ᠤ ᠰᠢᠯᠦᠭ᠌ ᠲᠤ ᠨᠡᠢ᠌ᠯᠡᠭᠦᠯᠪᠡ
ᠣᠷᠭ᠎ᠠ ᠪᠠᠨ ᠳᠤᠯᠤᠨ ᠮᠤᠷᠢᠨ ᠳᠠᠭᠠᠨ ᠮᠤᠷᠳᠠᠬᠤ ᠬᠤᠷᠤᠮᠬᠠᠨ
ᠣᠷᠤᠭᠤᠯ ᠤᠨ ᠴᠢᠨᠢ ᠪᠣᠳᠤᠭ ᠡᠩᠭᠡᠷ ᠲᠤ ᠬᠤᠸᠠᠷ ᠵᠡᠭᠦᠯᠭᠡᠨ᠎ᠡ
ᠣᠶᠠᠬᠠᠨ ᠬᠠᠷᠠᠴᠠ ᠴᠢᠨᠢ ᠵᠢᠷᠦᠭᠡᠨ ᠳᠤ ᠬᠠᠢ᠌ᠷ᠎ᠠ ᠰᠢᠪᠰᠢᠨ᠎ᠡ
ᠣᠴᠠᠷᠠᠯ ᠤᠨ ᠪᠣᠯᠵᠤᠭ᠎ᠠ ᠣᠶᠠᠩᠭ᠋᠎ᠠ ᠰᠢᠯᠦᠭ᠌ ᠰᠢᠭ᠌ ᠰᠡᠳᠭᠢᠯ ᠳᠤ ᠣᠷᠭᠤᠨ᠎ᠠ
ᠣᠷᠭ᠎ᠠ ᠪᠠᠨ ᠳᠤᠯᠤᠨ ᠮᠤᠷᠢᠨ ᠳᠠᠭᠠᠨ ᠮᠤᠷᠳᠠᠬᠤ ᠬᠤᠷᠤᠮᠬᠠᠨ
ᠭᠡᠷ ᠲᠤ ᠴᠢᠨᠢ ᠶᠠᠭᠤᠮ᠎ᠠ ᠪᠠᠨ ᠮᠠᠷᠳᠠᠭᠰᠠᠨ ᠰᠢᠭ ᠡᠷᠭᠢᠵᠤ ᠪᠣᠴᠠᠮᠠᠷ
ᠭᠡᠭᠡ ᠣᠷᠤᠳᠠᠯ᠎ᠠ ᠬᠠᠮᠳᠤ ᠪᠠᠢ᠌ᠭᠰᠠᠨ ᠶᠢᠡᠨ ᠳᠤᠩᠬᠠᠭᠯᠠᠵᠤ ᠵᠠᠷᠯᠠᠮᠠᠷ
ᠭᠡᠷᠡᠯᠳᠤ ᠨᠠᠷᠠᠨ ᠤ ᠳᠤᠤᠷ᠎ᠠ ᠬᠠᠮᠳᠤ ᠳᠠᠭᠠᠨ ᠰᠠᠭᠤᠵᠤ ᠵᠢᠷᠭᠠᠮᠠᠷ
ᠣᠷᠭ᠎ᠠ ᠪᠠᠨ ᠳᠤᠯᠤᠨ ᠮᠤᠷᠢᠨ ᠳᠠᠭᠠᠨ ᠮᠤᠷᠳᠠᠬᠤ ᠬᠤᠷᠤᠮᠬᠠᠨ
ᠬᠡᠦᠬᠡᠳ ᠰᠢᠭ᠌ ᠦᠨᠡᠨ ᠳᠤᠷᠠᠯᠠᠵᠤ ᠴᠢᠳᠠᠭᠰᠠᠨ ᠳᠠᠭᠠᠨ ᠪᠠᠶᠠᠰᠤᠮᠠᠷ
ᠭᠡᠦᠭᠡᠨ ᠴᠢᠮ᠎ᠠ ᠳᠤ ᠰᠡᠳᠭᠢᠯ ᠶᠢᠡᠨ ᠠᠷᠭᠠᠮᠵᠢᠭᠤᠯᠤᠭᠰᠠᠨ ᠳᠠᠭᠠᠨ ᠳᠤᠭᠳᠤᠯᠤᠮᠠᠷ
ᠬᠤᠷᠢᠮ ᠤᠨ ᠡᠳᠦᠷ ᠤᠨ ᠵᠠᠷ ᠰᠢᠭ ᠢᠯᠠ ᠪᠣᠯᠤᠭᠰᠠᠨ ᠳᠠᠭᠠᠨ ᠣᠮᠤᠭᠰᠢᠮᠠᠷ
ᠣᠷᠭ᠎ᠠ ᠪᠠᠨ ᠳᠤᠯᠤᠨ ᠮᠤᠷᠢᠨ ᠳᠠᠭᠠᠨ ᠮᠤᠷᠳᠠᠬᠤ ᠬᠤᠷᠤᠮᠬᠠᠨ
ᠬᠠᠷᠠᠮᠨᠠᠨ ᠰᠠᠨᠠᠭᠰᠠᠨ ᠠᠮᠠᠷᠠᠭ ᠴᠢᠮ᠎ᠠ ᠪᠠᠨ ᠨᠢᠯᠪᠣᠰᠤᠷᠠᠴᠢᠬᠠᠬᠤ ᠡᠴᠠ ᠡᠮᠢᠶᠡᠨ᠎ᠡ
ᠬᠠᠴᠠᠷ ᠨᠢᠭᠤᠷ ᠢ ᠴᠢᠨᠢ ᠬᠠᠷ᠎ᠠ ᠰᠠᠯᠭᠢᠨ ᠡᠴᠠ ᠴᠤ ᠬᠠᠷᠠᠮᠨᠠᠨ ᠰᠠᠨᠠᠵᠤ
ᠬᠠᠯᠠᠭᠤᠨ ᠵᠢᠷᠦᠭᠡᠨ ᠳᠡᠭᠡᠨ ᠳᠦᠷᠢ ᠶᠢ ᠴᠢᠨᠢ ᠰᠠᠢ᠌ᠯᠵᠤ ᠶᠠᠪᠣᠨ᠎ᠠ ᠁
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ ᠠᠢ᠌ᠮᠠᠭ ᠤᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12323
ᠴᠠᠭ᠄ 2013 ᠤᠨ ᠤ 12 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ