☆ ᠰ·ᠮᠥᠩᠭᠡᠨᠡᠷᠡᠰᠤ
ᠪᠦᠰᠡᠭᠦᠢ ᠬᠤᠩᠭ᠋ᠤᠷ ᠶᠢᠡᠨ ᠬᠠᠢ᠌ᠷᠠᠯᠠ
ᠰᠤᠭᠤ ᠰᠢᠭ ᠰᠠᠢ᠌ᠬᠠᠨ ᠨᠢᠷᠤᠭᠤ ᠭᠠᠩᠬᠤᠭᠤᠯᠵᠤ
ᠰᠤᠯᠤᠩᠭ᠋᠎ᠠ ᠪᠣᠯᠵᠤ ᠳᠤᠷᠠᠯᠠᠯ ᠤᠨ ᠴᠢᠨᠢ ᠳᠡᠭ᠍ᠷᠢ ᠳᠤ ᠮᠢᠷᠠᠯᠵᠠᠭᠰᠠᠨ
ᠠᠷᠪᠠᠨ ᠨᠢ᠋ᠮᠠᠳᠠᠢ ᠠᠩᠭᠢᠷᠬᠠᠨ ᠨᠠᠰᠤ ᠶᠢ ᠨᠢ
ᠠᠩᠬᠠᠨ ᠤ ᠬᠠᠢ᠌ᠷᠠᠨ ᠳᠤ ᠪᠠᠨ ᠰᠢᠳᠦᠭᠡᠨ ᠪᠣᠯᠭᠠᠨ ᠳᠠᠭᠢ
ᠠᠷᠭᠠᠳᠠᠵᠤ ᠨᠢᠭᠡ᠂ ᠣᠶᠠᠷᠠᠭᠤᠯᠵᠤ ᠨᠢᠭᠡ ᠳᠤᠷᠠᠯᠠᠯ ᠤᠨ ᠰᠢᠯᠦᠭ᠌ ᠪᠢᠴᠢᠭᠦ ᠳᠤ ᠪᠠᠨ
ᠠᠶᠠᠯᠠᠭᠤᠯᠤᠨ ᠳᠠᠭᠤᠯᠤᠭᠰᠠᠨ ᠣᠷᠳᠤ ᠶᠢᠨ ᠳᠠᠭᠤᠨ ᠤ ᠪᠠᠨ ᠰᠢᠷᠤᠩᠬᠠᠢ ᠪᠣᠯᠭᠠᠨ ᠳᠡᠭᠡᠳᠦᠯᠡ
ᠠᠯᠠᠭᠠᠨ ᠳᠡᠭᠡᠷ᠎ᠡ ᠨᠢ ᠨᠠᠷᠠ ᠪᠠᠨ ᠪᠢᠴᠢᠵᠤ ᠠᠶᠠᠷᠬᠠᠨ ᠦᠨᠦᠰ
ᠣᠷᠴᠢᠯᠠᠩ ᠤᠨ ᠵᠢᠮ᠎ᠠ ᠮᠦᠷᠳᠠᠵᠤ ᠭᠤᠪᠠᠢ᠌ᠬᠠᠨ ᠨᠢᠷᠤᠭᠤ ᠨᠢ ᠵᠢᠩᠳᠤᠨᠠ
ᠣᠭᠤᠰᠤᠷ ᠦᠭᠡᠶ ᠠᠮᠢᠳᠤᠷᠠᠯ ᠤᠨ ᠨᠤᠭᠤᠴᠠᠭᠠᠨ ᠳᠤ ᠣᠪᠣᠷ ᠰᠠᠭᠤᠵᠤ ᠦᠳᠡᠯᠤᠨᠠ
ᠭᠡᠦᠭᠡᠨ ᠪᠠᠢ᠌ᠬᠤ ᠳᠤ ᠨᠢ ᠬᠠᠢ᠌ᠷᠠᠯᠠᠳᠠᠭ ᠰᠢᠭ ᠶᠢᠡᠨ ᠭᠦᠩᠭᠡᠭᠡᠨ ᠲ᠋ᠡᠪᠠᠷᠢ
ᠭᠦᠤ ᠪᠠᠨ ᠳᠠᠪᠠᠷᠢᠵᠤ ᠪᠦᠪᠠᠢ᠌ᠯᠠᠵᠤ ᠪᠠᠢ᠌ᠬᠤ ᠳᠤ ᠨᠢ ᠬᠠᠷᠠᠴᠠ ᠪᠠᠷ ᠶᠢᠡᠨ ᠡᠩᠭᠦᠷᠡᠢ᠌ᠯᠡ
ᠭᠦᠰᠡᠯ ᠤᠨ ᠴᠢᠨᠢ ᠣᠴᠢ ᠶᠢ ᠠᠰᠠᠭᠠᠵᠤ ᠶᠠᠪᠣᠭᠰᠠᠨ ᠪᠦᠰᠡᠭᠦᠢ ᠪᠠᠨ ᠬᠠᠢ᠌ᠷᠠᠯᠠ
ᠭᠦᠭ᠍ᠰᠢᠷᠡᠵᠤ ᠪᠠᠢ᠌ᠭᠰᠠᠨ ᠴᠤ ᠭᠠᠷ ᠬᠤᠷᠤᠭᠤ ᠶᠢ ᠨᠢ ᠠᠶᠠᠷᠬᠠᠨ ᠢᠯᠪᠢ
ᠭᠦᠡᠳᠦᠭᠡᠨ ᠭᠤᠨᠢᠭ ᠶᠢᠡᠷ ᠵᠢᠷᠦᠭᠡ ᠶᠢ ᠨᠢ ᠭᠦᠡᠳᠡᠭᠡᠵᠤ ᠪᠣᠤ ᠬᠠᠶᠠᠵᠤ ᠶᠠᠪᠣ
ᠭᠦᠮᠤᠨ ᠤ ᠰᠠᠢ᠌ᠬᠠᠨ ᠪᠦᠰᠡᠭᠦᠢ ᠶᠢ ᠬᠠᠷᠠᠵᠤ ᠰᠡᠳᠭᠢᠯ ᠢ ᠨᠢ ᠪᠣᠤ ᠰᠡᠪᠳᠦᠭᠡ
ᠳᠠᠭᠢᠨᠢ ᠶᠠᠪᠣᠭᠰᠠᠨ ᠵᠠᠯᠠᠭᠤ ᠽᠠᠠᠳᠠᠨ ᠨᠠᠰᠤ ᠶᠢ ᠨᠢ ᠥᠷᠭᠦᠯᠵᠢ ᠳᠤᠷᠠᠰᠴᠤ ᠶᠠᠪᠣ
ᠳᠠᠭᠢᠭᠠᠤᠨ ᠣᠯᠳᠠᠬᠤ ᠦᠭᠡᠶ ᠣᠨᠠᠭᠠᠨ ᠳᠤᠷᠠᠯᠠᠯ ᠶᠢᠡᠨ ᠬᠠᠮᠳᠤ ᠪᠠᠷ ᠮᠥᠷᠦᠭᠡᠳ
ᠴᠠᠭᠠᠨ ᠭᠢᠷᠠᠭᠤ ᠭᠡᠵᠢᠭᠡᠨ ᠳᠤ ᠴᠢᠨᠢ ᠪᠠᠭᠤᠬᠤ ᠳᠠᠷᠠ ᠴᠠᠭ ᠲᠤ
ᠴᠠᠭᠯᠠᠰᠢ ᠦᠭᠡᠶ ᠬᠠᠢ᠌ᠷ᠎ᠠ ᠪᠠᠨ ᠳᠤᠷᠠᠰᠤᠨ ᠪᠠᠢ᠌ᠵᠤ ᠬᠠᠮᠳᠤ ᠵᠤᠭᠠᠴᠠ
ᠴᠠᠰᠤ ᠰᠢᠭ ᠬᠠᠢ᠌ᠯᠵᠤ ᠮᠦᠰᠤ ᠰᠢᠭ᠌ ᠣᠶᠠᠰᠳᠠᠭ
ᠴᠠᠢ᠌ᠯᠭᠠᠨ ᠵᠠᠩ ᠢ ᠨᠢ ᠭᠡᠪ ᠶᠢᠡᠷ ᠨᠢ ᠪᠠᠢ᠌ᠯᠭ᠎ᠠ
ᠬᠠᠨᠢ ᠶᠢᠨ ᠵᠠᠶᠠᠭ᠎ᠠ ᠬᠤᠯᠪᠣᠭᠰᠠᠨ ᠪᠦᠰᠡᠭᠦᠢ ᠬᠤᠩᠭ᠋ᠤᠷ ᠶᠢᠡᠨ ᠬᠠᠢ᠌ᠷᠠᠯᠠ
ᠬᠠᠢ᠌ᠷᠠᠳᠠᠢ ᠰᠢᠤ ᠴᠢᠮᠠᠳᠠᠭᠠᠨ ᠭᠡᠵᠤ ᠥᠷᠭᠦᠯᠵᠢ ᠭᠡᠯᠡᠵᠤ ᠪᠠᠢ︕
ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2934
ᠴᠠᠭ᠄ 2009 ᠤᠨ ᠤ 09 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ