☆ ᠫᠣᠠᠴᠤᠭ ᠤᠨ ᠮᠥᠩᠭᠡᠪᠠᠶᠡᠷ
ᠬᠠᠢ᠌ᠷᠠᠳᠤ ᠮᠢᠨᠢ
ᠬᠠᠩᠭ᠋ᠠᠢ ᠶᠢᠨ ᠰᠤᠭᠤ ᠰᠢᠭ ᠰᠠᠢ᠌ᠬᠠᠨ ᠴᠢᠮ᠎ᠠ ᠪᠠᠨ
ᠬᠠᠯᠠᠭᠤᠬᠠᠨ ᠰᠡᠳᠬᠢᠯ ᠳᠡᠭᠡᠨ ᠬᠠᠳᠠᠭᠠᠯᠠᠭᠰᠠᠭᠠᠷ ᠶᠠᠪᠣᠨᠠᠮ
ᠬᠠᠨ ᠬᠤᠷᠸ᠎ᠠ ᠳᠤ ᠬᠠᠮᠰᠠᠬᠤ ᠶᠢᠨ ᠳᠠᠪᠢᠯᠠᠩ ᠶᠢᠡᠨ
ᠬᠠᠷᠬᠠᠨ ᠴᠢᠮ᠎ᠠ ᠲᠡᠶ ᠪᠠᠨ ᠬᠠᠳᠠᠭᠤᠵᠢᠭᠤᠯᠤᠭᠰᠠᠭᠠᠷ ᠶᠠᠪᠣᠨᠠᠮ
ᠬᠠᠨᠢᠯᠬᠤ ᠶᠢᠨ ᠳᠠᠪᠢᠯᠠᠩ ᠲᠡᠶ ᠳᠦᠷᠦᠭ᠍ᠰᠡᠨ ᠬᠠᠢ᠌ᠷᠠᠳᠤ ᠮᠢᠨᠢ
ᠬᠠᠨ ᠬᠤᠷᠸ᠎ᠠ ᠳ᠋ᠤ ᠬᠤᠶᠠᠭᠤᠯᠠ ᠪᠠᠨ ᠨᠠᠷᠭᠢᠶ᠎ᠠ ᠳ᠋ᠠ
ᠠᠭᠤᠯᠠᠨ ᠶᠢᠨ ᠰᠤᠭᠤ ᠰᠢᠭ ᠣᠶᠠᠬᠠᠨ ᠴᠢᠮ᠎ᠠ ᠪᠠᠨ
ᠣᠯᠠᠭᠠᠨ ᠵᠢᠷᠦᠭᠡᠨ ᠳᠡᠭᠡᠨ ᠣᠭᠰᠢᠭᠤᠯᠠᠭᠰᠠᠭᠠᠷ ᠶᠠᠪᠣᠨᠠᠮ
ᠣᠯᠠᠷᠢᠬᠤ ᠬᠤᠷᠸ᠎ᠠ ᠳ᠋ᠤ ᠣᠴᠠᠷᠠᠬᠤ ᠳᠠᠪᠢᠯᠠᠩ ᠶᠢᠡᠨ
ᠣᠶᠠᠬᠠᠨ ᠴᠢᠮ᠎ᠠ ᠲᠡᠶ ᠪᠠᠨ ᠣᠶᠠᠷᠠᠭᠤᠯᠠᠭᠰᠠᠭᠠᠷ ᠶᠠᠪᠣᠨᠠᠮ
ᠣᠴᠠᠷᠠᠬᠤ ᠶᠢᠨ ᠳᠠᠪᠢᠯᠠᠩ ᠲᠡᠶ ᠳᠦᠷᠦᠭ᠍ᠰᠡᠨ ᠬᠠᠢ᠌ᠷᠠᠳᠤ ᠮᠢᠨᠢ
ᠣᠯᠠᠷᠢᠬᠤ ᠬᠤᠷᠸ᠎ᠠ ᠳᠤ ᠬᠤᠶᠠᠭᠤᠯᠠ ᠪᠠᠨ ᠴᠡᠩᠭᠡᠶ᠎ᠡ ᠳ᠋ᠠ
ᠭᠦᠪᠴᠢ ᠶᠢᠨ ᠰᠤᠭᠤ ᠰᠢᠭ ᠰᠠᠢ᠌ᠬᠠᠨ ᠴᠢᠮ᠎ᠠ ᠪᠠᠨ
ᠭᠦᠷᠡᠩ ᠵᠢᠷᠦᠭᠡᠨ ᠳᠡᠭᠡᠨ ᠭᠦᠡᠳᠦᠯᠡᠭ᠍ᠰᠡᠭᠡᠷ ᠶᠠᠪᠣᠨᠠᠮ
ᠭᠦᠷᠦᠰᠳᠤ ᠬᠤᠷᠸ᠎ᠠ ᠳᠤ ᠭᠦᠮᠦᠵᠢᠭᠦ ᠶᠢᠨ ᠳᠠᠪᠢᠯᠠᠩ ᠶᠢᠡᠨ
ᠭᠦᠭᠡᠷᠦᠭᠦᠨ ᠴᠢᠮ᠎ᠠ ᠲᠡᠶ ᠪᠠᠨ ᠭᠦᠪᠴᠢᠯᠡᠭ᠍ᠰᠡᠭᠡᠷ ᠶᠠᠪᠣᠨᠠᠮ
ᠭᠦᠡᠳᠦᠯᠡᠭ᠍ᠳᠡᠭᠦ ᠶᠢᠨ ᠳᠠᠪᠢᠯᠠᠩ ᠲᠡᠶ ᠳᠦᠷᠦᠭ᠍ᠰᠡᠨ ᠬᠠᠢ᠌ᠷᠠᠳᠤ ᠮᠢᠨᠢ
ᠭᠦᠷᠦᠰᠳᠤ ᠬᠤᠷᠸ᠎ᠠ ᠳᠤ ᠬᠤᠶᠠᠭᠤᠯᠠ ᠪᠠᠨ ᠳᠠᠭᠤᠯᠠᠶ᠎ᠠ ᠳ᠋ᠠ
ᠰᠠᠯᠠᠭ᠎ᠠ ᠶᠢᠨ ᠰᠤᠭᠤ ᠰᠢᠭ ᠰᠠᠢ᠌ᠬᠠᠨ ᠴᠢᠮ᠎ᠠ ᠪᠠᠨ
ᠰᠠᠨᠠᠭ᠎ᠠ ᠰᠡᠳᠬᠢᠯ ᠳᠡᠭᠡᠨ ᠰᠠᠨᠠᠭᠰᠠᠭᠠᠷ ᠶᠠᠪᠣᠨᠠᠮ
ᠰᠠᠷᠠᠭᠤᠯ ᠬᠤᠷᠸ᠎ᠠ ᠳᠤ ᠣᠴᠠᠷᠠᠬᠤ ᠶᠢᠨ ᠳᠠᠪᠢᠯᠠᠩ ᠶᠢᠡᠨ
ᠰᠠᠢ᠌ᠬᠠᠨ ᠴᠢᠮ᠎ᠠ ᠲᠡᠶ ᠪᠠᠨ ᠰᠠᠷᠠᠭᠤᠯᠵᠢᠭᠤᠯᠠᠭᠰᠠᠭᠠᠷ ᠶᠠᠪᠣᠨᠠᠮ
ᠰᠠᠨᠠᠬᠤ ᠶᠢᠨ ᠳᠠᠪᠢᠯᠠᠩ ᠲᠡᠶ ᠳᠦᠷᠦᠭ᠍ᠰᠡᠨ ᠬᠠᠢ᠌ᠷᠠᠳᠤ ᠮᠢᠨᠢ
ᠰᠠᠷᠠᠭᠤᠯ ᠬᠤᠷᠸ᠎ᠠ ᠳᠤ ᠬᠤᠶᠠᠭᠤᠯᠠ ᠪᠠᠨ ᠵᠢᠷᠭᠠᠶ᠎ᠠ ᠳ᠋ᠠ
ᠵᠤᠬᠢᠶᠠᠭᠴᠢ ᠶᠢᠨ ᠬᠠᠶᠢᠭ᠄ ᠰᠢᠠᠵᠢᠶᠠᠩ ᠤᠨ ᠪᠠᠶᠠᠠᠭᠤᠤᠯ ᠵᠸᠤ ᠶᠢᠨ ᠪᠠᠶᠠᠪᠣᠯᠠᠭ ᠪᠠᠯᠭᠠᠰᠤᠨ
ᠵᠤᠬᠢᠶᠠᠭᠴᠢ᠄ ᠫᠣᠠᠴᠤᠭ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2647
ᠴᠠᠭ᠄ 2010 ᠤᠨ ᠤ 05 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ