☆ ᠰᠤ ᠠᠨᠢᠰᠤ
ᠵᠡᠭᠦᠳᠤᠨ ᠳᠤ ᠡᠷᠢᠭ᠍ᠳᠡᠭᠦ ᠨᠤᠳᠤᠭ
(ᠳᠠᠭᠤᠨ ᠤ ᠰᠢᠯᠦᠭ᠌)
ᠳᠤᠮᠤᠭ᠎ᠠ ᠦᠭᠡᠶ ᠯᠠ ᠨᠠᠰᠤᠨ ᠳᠤ ᠮᠢᠨᠢ
ᠳᠤᠭᠤᠯ ᠤᠨ ᠶᠢᠡᠨ ᠤᠭᠤᠳᠤᠩ ᠰᠢᠭ
ᠳᠤᠭᠯᠠᠭᠤᠯᠵᠤ ᠳᠠᠪᠭᠢᠭᠤᠯᠳᠠᠭ ᠳᠠᠯ᠎ᠠ ᠮᠢᠨᠢ
ᠳᠤᠭᠤᠰᠤ ᠨᠢ ᠴᠤ ᠭᠦᠳᠡᠯᠦᠭᠡ ᠦᠭᠡᠶ ᠪᠠᠢ᠌ᠵᠠᠢ
ᠵᠡᠭᠦᠳᠤᠨ ᠳᠤ ᠡᠷᠢᠭ᠍ᠳᠡᠭᠦ ᠨᠤᠳᠤᠭ
ᠵᠢᠷᠦᠭᠡᠨ ᠡᠴᠡ ᠣᠶᠠᠭᠠᠳᠠᠢ ᠳᠡᠭ᠍ᠷᠢ
ᠵᠡᠷᠭᠡᠯᠭᠡᠨ ᠳᠠᠮᠵᠢᠨ ᠠᠯᠤᠰᠯᠠᠬᠤ
ᠵᠠᠭᠤᠨ ᠵᠠᠭᠤᠨ ᠤ ᠲᠦᠰᠢᠶᠠᠳᠤ ᠮᠢᠨᠢ
ᠣᠷᠤᠭ᠎ᠠ ᠮᠤᠷᠢᠨ ᠤ ᠭᠦᠶᠦᠳᠡᠯ ᠳ᠋ᠤ
ᠴᠢᠯᠠᠭᠤᠳ ᠤᠨ ᠰᠢᠪᠠᠨᠡᠭᠡ ᠳᠤᠭᠤᠯᠳᠠᠭ᠎ᠠ ᠥᠭᠡᠢ
ᠣᠷᠭᠠᠴᠢᠨ ᠠᠪᠣ ᠶᠢᠨ ᠮᠢᠨᠢ ᠢᠰᠭᠢᠷᠦᠭᠡ
ᠭᠠᠵᠠᠷ ᠤᠨ ᠬᠤᠯᠠ ᠡᠴᠡ ᠣᠢ᠌ᠷᠠᠳᠤᠳᠠᠭ
ᠵᠡᠭᠦᠳᠤᠨ ᠳᠤ ᠡᠷᠢᠭ᠍ᠳᠡᠭᠦ ᠨᠤᠳᠤᠭ
ᠵᠢᠷᠦᠭᠡᠨ ᠡᠴᠡ ᠣᠶᠠᠭᠠᠳᠠᠢ ᠳᠡᠭ᠍ᠷᠢ
ᠵᠡᠷᠭᠡᠯᠭᠡᠨ ᠳᠠᠮᠵᠢᠨ ᠠᠯᠤᠰᠯᠠᠬᠤ
ᠵᠠᠭᠤᠨ ᠵᠠᠭᠤᠨ ᠤ ᠲᠦᠰᠢᠶᠠᠳᠤ ᠮᠢᠨᠢ
ᠪᠣᠷᠤᠭ᠎ᠠ ᠭᠤᠶᠤᠬᠤ ᠡᠪᠦᠭᠡᠳ ᠤᠨ
ᠬᠠᠷᠠᠴᠠ ᠨᠢ ᠳᠠᠩᠳᠠ ᠵᠥᠭᠡᠯᠡᠨ
ᠪᠣᠷᠬᠠᠨ ᠭᠦᠷᠳᠡᠯ᠎ᠡ ᠬᠤᠷᠭᠤᠳᠠᠮᠠᠷ
ᠣᠪᠣᠭᠠᠨ ᠰᠢᠳᠦᠭᠡᠨ ᠲᠡᠶ ᠪᠠᠢ᠌ᠭᠠᠯᠢ
ᠵᠡᠭᠦᠳᠤᠨ ᠳᠤ ᠡᠷᠢᠭ᠍ᠳᠡᠭᠦ ᠨᠤᠳᠤᠭ
ᠵᠢᠷᠦᠭᠡᠨ ᠡᠴᠡ ᠣᠶᠠᠭᠠᠳᠠᠢ ᠳᠡᠭ᠍ᠷᠢ
ᠵᠡᠷᠭᠡᠯᠭᠡᠨ ᠳᠠᠮᠵᠢᠨ ᠠᠯᠤᠰᠯᠠᠬᠤ
ᠵᠠᠭᠤᠨ ᠵᠠᠭᠤᠨ ᠤ ᠲᠦᠰᠢᠶᠠᠳᠤ ᠮᠢᠨᠢ
ᠵᠤᠬᠢᠶᠠᠭᠴᠢ᠄ ᠰᠤ ᠠᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2760
ᠴᠠᠭ᠄ 2009 ᠤᠨ ᠤ 05 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ