☆ ᠵᠢ᠊·ᠠᠩᠭᠢᠷ
ᠪᠤᠳᠤᠯ ᠤᠨ ᠦᠨᠳᠦᠷ
ᠪᠣᠷᠭᠢᠵᠤ ᠪᠠᠢ᠌ᠭ᠎ᠠ ᠠᠮᠢᠳᠤᠷᠠᠯ ᠤᠨ ᠱᠤᠤᠭᠢᠶᠠᠨ ᠳᠤᠮᠳᠠ
ᠪᠣᠳᠠᠷᠠᠵᠤ ᠪᠠᠢ᠌ᠭ᠎ᠠ ᠰᠠᠤᠠᠭᠢᠯ ᠤᠨ ᠳᠤᠭᠤᠰᠤ ᠪᠠᠨ ᠭᠦᠪᠢᠨ
ᠪᠣᠳᠠᠯᠠᠵᠤ ᠪᠠᠢ᠌ᠭ᠎ᠠ ᠳᠤᠷᠠᠰᠤᠯ ᠤᠨ ᠶᠠᠠᠳᠠᠷ ᠶᠢᠡᠷ
ᠪᠣᠳᠤᠯ ᠤᠨ ᠦᠨᠳᠦᠷ ᠲᠤ ᠠᠯᠬᠤᠨ ᠭᠠᠷᠬᠤ ᠳᠤ᠂
ᠣᠷᠭᠤᠵᠤ ᠪᠠᠢ᠌ᠭ᠎ᠠ ᠣᠯᠠᠭᠠᠨ ᠨᠠᠷᠠᠨ ᠤ ᠳᠤᠤᠭᠤᠷ
ᠣᠵᠤᠭᠤᠷ ᠤᠨ ᠳᠡᠦᠭᠡ ᠭᠡᠢ᠌ᠰᠴᠤ ᠪᠠᠢ᠌ᠭ᠎ᠠ ᠰᠢᠭ᠃
ᠣᠶᠠᠷᠠᠵᠤ ᠪᠠᠢ᠌ᠭ᠎ᠠ ᠬᠠᠯᠠᠭᠤᠨ ᠵᠢᠷᠦᠭᠡᠨ ᠤ ᠳᠡᠭᠡᠭᠦᠷ
ᠣᠬᠠᠭᠠᠨ ᠤ ᠳᠠᠷ ᠪᠠᠳᠠᠷᠠᠵᠤ ᠪᠠᠢ᠌ᠭ᠎ᠠ ᠰᠢᠭ᠃
ᠬᠠᠮᠤᠵᠤ ᠳᠠᠯᠪᠢᠭᠰᠠᠨ ᠠᠷᠭᠠᠯ ᠡᠴᠡ ᠭᠡᠳᠤ ᠶᠢ ᠬᠤᠷᠮᠣᠢ᠌ᠯᠠᠭᠠᠤᠨ
ᠬᠠᠭᠠᠨ ᠤ ᠳᠠᠮᠠᠭ᠎ᠠ ᠲᠡᠶ ᠮᠥᠩᠭᠡ ᠳᠤᠯᠭᠠᠨ ᠳᠤ ᠵᠡᠷᠭᠡᠯᠡᠯᠡ᠂
ᠬᠠᠨᠢ ᠨᠥᠭᠦᠷ ᠤᠨ ᠡᠩᠭᠡ ᠶᠢᠨ ᠪᠠᠷᠢᠯᠳᠤᠯᠭ᠎ᠠ ᠲᠡᠶ
ᠬᠠᠢ᠌ᠷ᠎ᠠ ᠣᠴᠢᠯᠠᠭᠰᠠᠨ ᠠᠮᠢᠳᠤᠷᠠᠯ ᠤᠨ ᠭᠡᠳᠡ ᠪᠠᠨ ᠬᠠᠪᠢᠷᠤᠯ᠎ᠠ᠃
ᠣᠴᠢᠯᠠᠵᠤ ᠪᠠᠢ᠌ᠭ᠎ᠠ ᠴᠦᠪᠣᠳᠠᠯ ᠭᠡᠵᠤ
ᠣᠳᠤᠨ ᠳᠤ ᠭᠦᠷᠭᠦ ᠠᠶᠠᠨ ᠵᠠᠮ ᠤᠨ ᠣᠯᠠ ᠦᠦ︖
ᠣᠯᠠᠯᠵᠠᠵᠤ ᠪᠠᠢ᠌ᠭ᠎ᠠ ᠲᠦᠯᠦ ᠭᠡᠵᠤ
ᠣᠳᠤᠮ ᠳᠠᠮᠵᠢᠬᠤ ᠦᠪ ᠰᠤᠶᠤᠯ ᠤᠨ ᠵᠤᠯᠠ ᠦᠦ︖
ᠣᠭᠳᠠᠷᠭᠤᠢ ᠡᠴᠡ ᠪᠠᠭᠤᠭᠰᠠᠨ ᠨᠠᠷᠠᠨ ᠤ ᠰᠠᠴᠤᠷᠠᠭ
ᠣᠷᠴᠢᠯᠠᠩ ᠵᠥᠭ᠌ ᠪᠣᠳᠤᠯ ᠢ ᠮᠢᠨᠢ ᠭᠦᠳᠦᠯᠪᠡ᠂
ᠣᠳᠤᠷ ᠮᠠᠨᠠᠬᠤ ᠡᠴᠡ ᠣᠷᠴᠢᠯᠠᠩ ᠬᠤᠪᠢᠶᠠᠯᠴᠠᠬᠤ
ᠣᠰᠤᠯ ᠦᠭᠡᠶ ᠦᠨᠡᠨ ᠣᠬᠠᠭᠠᠨ ᠤ ᠳᠤᠭ ᠥᠭ᠍ᠪᠡ᠃
ᠳᠠᠷᠠ ᠳᠤᠭ ᠢ ᠪᠢ ᠦᠨᠳᠦᠷ ᠡᠷᠭᠢᠭᠦᠯᠵᠤ
ᠳᠡᠦᠭᠡ ᠶᠢᠨ ᠠᠶᠠᠨ ᠤ ᠳᠡᠷᠭᠡᠨ ᠳᠡᠭᠡᠷ᠎ᠡ ᠵᠤᠭᠰᠤᠪᠠ᠂
ᠳᠡᠭ᠍ᠷᠢ ᠶᠢᠨ ᠳᠠᠩᠨᠠᠢ ᠶᠢ ᠳᠠᠯ ᠲᠡᠶ ᠰᠠᠯᠭᠢ ᠪᠠᠷ ᠭᠤᠶᠠᠳᠠᠵᠤ
ᠳᠠᠮᠤᠵᠢᠨ ᠡᠪᠦᠭᠡ ᠶᠢᠨ ᠰᠤᠷᠠᠭ ᠢ ᠣᠬᠠᠭᠠᠨ ᠶᠢᠡᠷ ᠬᠠᠢ᠌ᠪᠠ᠃
ᠳᠠᠷᠠ ᠰᠤᠷᠠᠭ ᠢ ᠪᠢ ᠪᠣᠳᠤᠯ ᠤᠨ ᠦᠨᠳᠦᠷ ᠲᠤ ᠡᠯᠭᠦᠵᠤ
ᠣᠶᠤᠨ ᠰᠡᠮᠡᠷᠭᠡᠢ ᠪᠠᠷ ᠣᠬᠠᠭᠠᠨ ᠤ ᠳᠤᠭ ᠢ ᠨᠢ᠌ᠦᠡᠭᠡᠪᠡ᠃
ᠳᠡᠭᠡᠭᠡᠤᠨ ᠪᠢ ᠳᠤᠤᠷ᠎ᠠ ᠨᠢ ᠰᠥᠭᠦᠦᠡᠴᠤ ᠪᠠᠢ᠌ᠭᠠᠤᠨ
ᠣᠨ ᠤ ᠭᠦᠷᠳᠤᠨ ᠳᠡᠭᠡᠷ᠎ᠡ ᠳᠠᠩᠭ᠋ᠠᠷᠢᠭ ᠶᠢᠡᠨ ᠰᠠᠢ᠌ᠯᠪᠠ᠃
ᠡᠭᠦᠷᠴᠤ ᠶᠠᠪᠣᠬᠤ ᠰᠠᠤᠠᠭᠢᠯ ᠤᠨ ᠨᠠᠷᠠ ᠭᠡᠵᠤ
ᠡᠪᠦᠭᠡ ᠳᠡᠭᠡᠳᠦᠰ ᠤᠨ ᠨᠠᠮᠳᠠᠷ ᠪᠠᠢ᠌ᠵᠠᠢ᠃
ᠡᠷᠭᠦᠵᠤ ᠶᠠᠪᠣᠬᠤ ᠠᠮᠢᠳᠤᠷᠠᠯ ᠤᠨ ᠨᠠᠷᠠ ᠭᠡᠵᠤ
ᠡᠵᠡᠨ ᠭᠦᠮᠤᠨ ᠤ ᠠᠯᠳᠠᠷ ᠪᠠᠢ᠌ᠵᠠᠢ᠃
ᠣᠪᠣᠭ ᠪᠣᠰᠤᠭ᠎ᠠ ᠨᠤᠳᠤᠭ ᠤᠨ ᠳᠡᠭ᠍ᠷᠢ ᠳᠤ
ᠡᠭᠡ ᠭᠡᠯᠡ ᠯᠠ ᠨᠠᠷᠠ ᠪᠠᠢ᠌ᠵᠠᠢ᠃
ᠣᠮᠤᠭ ᠪᠣᠰᠤᠭ᠎ᠠ ᠭᠦᠮᠤᠨ ᠤ ᠦᠷ᠎ᠡ ᠳᠤ
ᠡᠷ᠎ᠡ ᠵᠢᠷᠦᠭᠡ ᠯᠠ ᠨᠠᠷᠠ ᠪᠠᠢ᠌ᠵᠠᠢ᠃
ᠪᠣᠷᠬᠠᠨ ᠤ ᠨᠢᠳᠤᠨ ᠳᠤ ᠶᠠᠰᠤ ᠬᠠᠳᠠᠭᠤ ᠪᠣᠯᠬᠤᠷ
ᠪᠣᠭᠤᠷᠤᠯ ᠵᠠᠭᠤᠨ ᠳᠤ ᠨᠠᠷᠠ ᠲᠡᠶ ᠵᠠᠶᠠᠭᠠᠳᠠᠭ᠃
ᠪᠣᠳᠤᠯ ᠤᠨ ᠦᠨᠳᠦᠷ ᠨᠢ ᠰᠦᠰᠦ ᠬᠠᠳᠠᠭᠤ ᠪᠣᠯᠬᠤᠷ
ᠪᠣᠰᠤᠭ᠎ᠠ ᠳᠦᠷᠦᠭᠡᠨ ᠳᠤ ᠨᠠᠷᠠ ᠲᠡᠶ ᠳᠠᠪᠭᠢᠳᠠᠭ᠃
2005.11.1 ᠬᠦᠬᠡᠬᠤᠲᠠᠨ᠎ᠡ
(ᠪᠦᠭᠦ ᠣᠯᠤᠰ ᠤᠨ 《ᠳᠡᠭ᠍ᠷᠢ ᠶᠢᠨ ᠪᠣᠳᠤᠭᠤ》 ᠢᠷᠠᠭᠤ ᠨᠠᠢ᠌ᠷᠠᠭ ᠤᠨ ᠭᠤᠷᠪᠠᠳᠤᠭᠠᠷ ᠳᠡᠮᠡᠴᠡᠭᠡᠨ ᠪᠡᠯᠡᠳᠭᠡᠯ ᠣᠷᠤᠯᠳᠤᠭᠠᠨ ᠡᠴᠡ ᠳᠤᠳᠤᠷᠠᠭᠰᠠᠨ ᠪᠦᠳᠦᠭᠡᠯ)
ᠵᠤᠬᠢᠶᠠᠭᠴᠢ ᠶᠢᠨ ᠳᠤᠬᠠᠢ᠄ ᠵᠢ᠊·ᠠᠩᠭᠢᠷ᠂ ᠲᠦᠩᠯᠢᠶᠤᠤ ᠬᠤᠳᠠ ᠶᠢᠨ ᠭᠦᠷᠢᠶ᠎ᠡ ᠬᠤᠰᠢᠭᠤᠨ ᠤ ᠭᠦᠮᠤᠨ᠂ ᠣᠳᠤ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠭᠠᠵᠠᠷ ᠵᠦᠢ ᠶᠢᠨ ᠰᠢᠡᠵᠢᠯᠡᠭᠦ ᠣᠬᠠᠭᠠᠨ ᠤ ᠭᠦᠷᠢᠶᠡᠯᠡᠩ ᠤᠨ 2003 ᠣᠨ ᠤ ᠮᠤᠩᠭ᠋ᠤᠯ ᠠᠩᠭᠢ ᠳᠤ ᠰᠤᠷᠤᠯᠴᠠᠵᠤ ᠪᠠᠢ᠌ᠨ᠎ᠠ᠃
ᠵᠤᠬᠢᠶᠠᠭᠴᠢ᠄ ᠵᠢ᠊·ᠠᠩᠭᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 4000
ᠴᠠᠭ᠄ 2006 ᠤᠨ ᠤ 09 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ